Thursday, 2024-05-23, 4:28 AM
Welcome Guest | RSS

эрдмийн жолоо хэл бичиг

                                                                                                                                                               
Сайтын цэс
Сайтын үнэлгээ
Сайтыг үнэлэх
Total of answers: 612
Цаг агаарын мэдээ

 

ERDENET ULAANBAATAR

С. Дулам "Хүмүүн бичиг"

ᠰᠡ‍᠂ ᠳᠤᠯᠮ ᠊ᠠ᠋ "ᠬᠦᠮᠦᠨ ᠪᠢᠴᠢᠭ"
ᠲᠩᠷᠢ ᠭᠠᠵᠠᠷ ᠬᠤᠶᠠᠷ ᠊ᠢ ᠤᠴᠠᠷᠠᠭᠤᠯᠵᠤ ᠨᠠᠮᠢᠷᠠᠬ᠋ ᠊ᠠ᠋ ᠬᠤᠷ ᠊ᠠ᠋ ᠤᠷᠤᠬᠤ ᠮᠡᠲᠦ ᠲᠡᠨᠢᠭᠦᠨ ᠤᠢᠲᠠᠨ ᠬᠤᠶᠠᠷ ᠊ᠢ ᠤᠴᠢᠷᠯᠠᠵᠤ ᠮᠤᠷᠢᠨ ᠬᠤᠭᠤᠷ ᠲᠠᠲᠠᠬᠤ ᠮᠡᠲᠦ ᠲᠡᠯᠮᠡᠨ ᠵᠢᠷᠤᠬ᠋ ᠊ᠠ᠋ ᠵᠢᠨ ᠨᠢᠳᠤᠭᠠᠯᠠ ᠮᠤᠩᠭᠤᠯ ᠪᠢᠴᠢᠭ᠌ ᠵᠢᠡᠷ ᠵᠢᠡᠨ ᠪᠢᠴᠢᠳᠡᠭᠰᠡᠨ ᠲᠢᠲᠢᠮ᠂ ᠰᠢᠳᠦ᠂ ᠨᠢᠷᠤᠭᠤ᠂ ᠰᠢᠯᠪᠢᠲᠡᠢ ᠲᠡᠷᠡ ᠴᠢᠭ᠌ ᠵᠢᠡᠷ ᠵᠢᠡᠨ ᠬᠦᠮᠦᠨ ᠊ ᠪᠢᠴᠢᠭ᠌ ᠮᠢᠨᠢ ᠬᠠᠷᠠᠩᠬᠤᠢ ᠰᠥᠨᠢ ᠵᠢᠨ ᠴᠠᠬᠢᠯᠭᠠᠨ ᠴᠠᠬᠢᠬᠤ ᠊ᠳᠤ ᠬᠠᠶᠠᠯᠬ᠋ ᠊ᠠ᠋ ᠴᠠᠴᠤᠯᠬ᠋ ᠊ᠠ᠋ ᠠᠨᠤ ᠵᠢᠷᠤᠯᠵᠠᠬᠤ ᠰᠢᠭ᠋ ᠪᠤᠯᠳᠠᠭ ᠬᠠᠪᠠᠷ ᠊ᠤᠨ ᠤᠷᠢ ᠪᠠᠷ ᠴᠠᠰᠤ ᠬᠠᠨᠵᠠᠷᠠᠬᠤ ᠊ᠳᠤ ᠬᠠᠷᠠᠬᠠᠨ ᠪᠢᠷ ᠵᠢᠡᠷ ᠲᠠᠲᠠᠯᠭᠠᠬᠤ ᠰᠢᠭ ᠪᠤᠯᠳᠠᠭ ᠬᠠᠯᠠᠭᠤᠨ ᠬᠤᠰᠢᠭᠤᠲᠤ ᠮᠠᠯ ᠊ᠤᠨ ᠳᠠᠩᠰᠠ ᠰᠢᠭ᠋ ᠬᠠᠯᠵᠠᠨ ᠴᠠᠭᠠᠨ ᠰᠦᠷᠦᠭ ᠮᠢᠨᠢ ᠪᠡᠯᠴᠢᠳᠡᠭ ᠬᠥᠯᠭᠡᠨ ᠰᠤᠳᠤᠷ ᠊ᠤᠨ ᠮᠡᠷᠭᠡᠨ ᠭᠠᠷᠴᠢᠭ ᠰᠢᠭ ᠬᠥᠨᠳᠡᠯᠡᠨ ᠬᠥᠬᠡ ᠠᠭᠤᠯᠠᠰ ᠠᠨᠤ ᠪᠢᠳᠡᠷᠲᠦᠳᠡᠭ ᠤᠳᠤᠮ ᠵᠠᠯᠭᠠᠭᠰᠠᠨ ᠨᠤᠲᠤᠭ ᠊ᠤᠨ ᠵᠢᠠᠨ ᠬᠠᠮᠢᠬ᠋ ᠊ᠠ᠋ ᠡᠴᠠ ᠴᠤ ᠲᠥᠷᠦ ᠤᠯᠤᠰ ᠊ᠤᠨ ᠵᠢᠡᠨ ᠲᠠᠮᠠᠭᠠᠨ ᠊ᠳᠤ ᠰᠡᠢᠢᠯᠦᠭᠡᠰᠦᠲᠡᠢ ᠲᠦᠮᠡᠨ ᠭᠠᠵᠠᠷ ᠊ᠤᠨ ᠬᠡᠷᠡᠮ ᠡᠴᠡ ᠴᠦ ᠳᠤᠤᠯᠢᠶᠠᠨᠲᠠᠢ ᠲᠦᠪᠰᠢᠨ ᠮᠡᠷᠭᠡᠳ ᠊ᠦᠨ ᠡᠪᠦᠷ ᠲᠤ ᠬᠤᠢᠯᠠᠭᠠᠰᠤᠲᠠᠢ
         

 

 

                           
ᠲᠡᠦᠬᠡ ᠪᠦᠲᠦᠭᠡᠯᠴᠡᠵᠦ ᠶᠠᠪᠤᠭᠰᠠᠨ ᠪᠢᠴᠢᠭ᠌ ᠮᠢᠨᠢ ᠠᠷᠪᠢᠰ ᠡᠷᠳᠡᠮ ᠊ᠦᠨ ᠠᠷᠢᠭᠤᠨ ᠳᠡᠭᠡᠵᠢ ᠵᠢ ᠠᠷᠪᠠᠨ ᠤᠬᠠᠭᠠᠨ ᠊ᠤ ᠨᠤᠮ ᠊ᠳᠤ ᠪᠤᠲᠢᠯᠠᠵᠤ ᠶᠢᠰᠦᠨ ᠡᠷᠳᠡᠨᠢ ᠪᠡᠷ ᠬᠤᠪᠢᠯᠭᠠᠨ ᠭᠡᠷᠡᠯᠲᠦᠭᠰᠡᠨ ᠶᠡᠷᠦ ᠪᠢᠰᠢ ᠵᠢᠨ ᠬᠤᠪᠢ ᠲᠠᠪᠢᠯᠠᠩᠲᠠᠢ ᠨᠤᠮᠤ ᠵᠢᠨ ᠬᠥᠪᠴᠢ ᠰᠢᠭ᠌ ᠪᠢᠴᠢᠭ᠌ ᠮᠢᠨᠢ ᠦᠭᠡᠢ ᠪᠤᠯ ᠨᠢᠭᠤᠴᠠ ᠲᠤᠪᠴᠢᠶ ‍ᠠ᠋ ᠪᠠᠨ ᠶᠠᠭᠤ ᠪᠠᠷ ᠪᠢᠴᠢᠬᠦ ᠪᠤᠢ ᠭᠡᠷᠡᠯᠲᠦ ᠬᠥᠰᠢᠶ ᠊ᠡ᠋ ᠪᠡᠨ ᠶᠠᠭᠤ ᠪᠠᠷ ᠰᠡᠢᠯᠬᠦ ᠪᠤᠢ ᠭᠡᠰᠡᠷ᠂ ᠵᠠᠩᠭᠠᠷ ᠵᠢᠠᠨ ᠶᠠᠭᠤ ᠪᠠᠷ ᠬᠠᠢᠯᠠᠬᠤ ᠪᠤᠢ ᠮᠢᠩᠭᠠᠨ ᠨᠠᠰᠤᠲᠠᠢ ᠪᠢᠴᠢᠭ᠌ ᠮᠢᠨᠢ ᠦᠭᠡᠢ ᠪᠤᠯ ᠮᠢᠨᠳᠠᠰᠤᠨ ᠪᠠᠷᠢᠨᠲᠠᠭᠲᠠᠢ ᠨᠤᠮ ᠊ᠤᠳ ᠵᠢᠠᠨ ᠶᠠᠭᠠᠬᠢᠬᠤ ᠪᠤᠢ ᠮᠢᠷᠠᠯᠵᠠᠨ ᠥᠩᠭᠡᠷᠡᠬᠦ ᠤᠯᠠᠨ ᠵᠠᠭᠤᠨ ᠵᠢᠠᠷ ᠮᠠᠷᠲᠠᠯ ᠦᠭᠡᠢ ᠢᠷᠡᠭᠰᠡᠨ ᠊ᠦ ᠤᠴᠢᠷ ᠶᠠᠭᠤ ᠪᠤᠢ ᠥᠯ᠊ᠮᠡᠢ ᠳᠡᠭᠡᠷ ᠊ᠡ᠋ ᠪᠡᠨ ᠭᠢᠰᠭᠢ᠍ᠭᠰᠡᠨ ᠬᠦᠮᠦᠨ ᠰᠢᠭ᠌ ᠥᠭᠡᠳᠡ ᠪᠡᠨ ᠤᠷᠤᠭᠤ ᠪᠠᠨ ᠲᠡᠰᠢᠭᠰᠡᠨ ᠪᠢᠴᠢᠭ᠌ ᠮᠢᠨᠢ ᠠᠴᠢ ᠦᠷᠡᠰ ᠲᠡᠭᠡᠨ ᠠᠳᠠ ᠦᠵᠡᠭᠳᠡᠬᠦ ᠠᠳᠠᠯ ᠵᠠᠶᠠᠬ᠋ ᠊ᠠ᠋ ᠵᠢ ᠠᠮᠰᠠᠭᠰᠠᠨ ᠪᠢᠴᠢᠭ᠌ ᠮᠢᠨᠢ ᠳᠤᠭᠰᠢᠨ ᠡᠪᠦᠭᠡᠳ ᠊ᠦᠨ ᠲᠡᠦᠬᠡ ᠬᠠᠢᠯᠠᠭᠰᠠᠨ ᠊ᠳᠠᠭᠠᠨ ᠳᠤᠷᠤᠨ.‍ᠠ᠋ ᠵᠢᠨ ᠥᠪ᠋ ᠰᠤᠶᠤᠯ ᠊ᠢ ᠬᠠᠳᠠᠭᠠᠯᠠᠭᠰᠠᠨ ᠊ᠳᠠᠭᠠᠨ ᠳᠤᠯᠤᠭᠠᠨ ᠪᠤᠷᠬᠠᠨ ᠊ᠤ ᠳᠤᠮᠤᠭ ᠊ᠢ ᠬᠢᠮᠠᠭᠠᠳᠠᠭᠰᠠᠨ ᠊ᠳᠠᠭᠠᠨ

 

 

                                       
ᠳᠤᠷᠤᠳᠠᠵᠤ ᠪᠠᠭᠤᠷᠠᠭᠰᠠᠨ᠂ ᠳᠤᠷᠤᠢᠲᠠᠵᠤ ᠪᠤᠷᠤᠭᠤᠳᠠᠭᠰᠠᠨ ᠭᠠᠯ ᠊ᠤᠨ ᠳᠥᠯᠦᠨ ᠊ᠳᠦ ᠬᠥᠳᠦᠰᠦ ᠰᠢᠭ᠌ ᠬᠤᠨᠢᠷᠢᠵᠤ ᠭᠠᠷ ᠰᠠᠷᠪᠠᠯᠵᠠᠭᠤᠯᠤᠨ ᠰᠢᠲᠠᠵᠤ ᠪᠠᠢᠢᠬᠤ ᠊ᠳᠠᠭᠠᠨ ᠴᠤ ᠭᠠᠭᠴᠠ ᠬᠤᠶᠠᠷ ᠵᠢᠠᠷ ᠵᠢᠠᠨ ᠦᠯᠡᠳᠡᠭᠰᠡᠨ ᠲᠠᠰᠤᠷᠬᠠᠢ ᠠᠨᠤ ᠭᠠᠳᠠᠬ᠋ ᠊ᠠ᠋ ᠬᠥᠳᠡᠭᠡ ᠬᠡᠢᠢᠰᠴᠦ ᠪᠠᠢᠬᠤ ᠊ᠳᠠᠭᠠᠨ ᠴᠤ ᠥᠯᠥᠭᠡᠢᠢᠲᠡᠢ ᠬᠤᠢᠴᠢ ᠊ᠳᠠᠭᠠᠨ ᠵᠤᠯᠭᠠᠬᠤ ᠰᠠᠨ ᠭᠡᠬᠦ ᠊ᠳᠡᠭᠡᠨ ᠥᠯᠦᠩ ᠳᠡᠷᠡᠰᠦᠨ ᠊ᠦ ᠤᠩᠭᠢ ᠲᠠᠢ ᠤᠷᠢᠶᠠᠯᠳᠤᠵᠤ ᠥᠨᠳᠦᠷᠬᠡᠨ ᠵᠢᠯᠠᠭᠠᠨ ᠊ᠳᠤ ᠲᠤᠭᠲᠠᠬᠤ ᠰᠠᠨ ᠬᠡᠬᠦ ᠊ᠳᠡᠭᠡᠨ ᠥᠷᠭᠡᠰᠦᠲᠦ ᠬᠠᠮᠬᠤᠤᠯ ᠲᠠᠢ ᠥᠩᠬᠦᠷᠢᠵᠦ ᠶᠠᠪᠤᠭᠰᠠᠨ ᠲᠡᠦᠬᠡ ᠪᠡᠨ ᠥᠮᠥᠭᠡᠷᠡᠬᠦ ᠵᠥᠩ ᠰᠤᠪᠢᠨ ᠊ᠢ ᠨᠢ ᠲᠦᠢᠷᠡᠨ ᠪᠤᠯᠭᠠᠭᠰᠠᠨ ᠬᠡᠳᠦᠨ ᠬᠦᠮᠦᠨ ᠮᠢᠨᠢ ᠲᠦᠢᠮᠡᠷ ᠊ᠦᠨ ᠡᠮᠦᠨ.᠎᠊ᠡ᠋ ᠤᠬᠠᠭᠠᠨ ᠨᠢ ᠬᠦᠴᠦ ᠦᠭᠡᠢ ᠲᠦᠳᠡᠭ ᠪᠤᠯᠤᠭᠰᠠᠨ ᠬᠡᠳᠦᠨ ᠨᠤᠮ ᠮᠢᠨᠢ ᠬᠤᠳᠠᠯ ᠬᠡᠯᠡᠳᠡᠭ ᠦᠭᠡᠢ ᠤᠤᠠᠬ ᠊ᠠ᠋ ᠠᠨᠤ ᠰᠢᠳᠤᠷᠭᠤ ᠬᠤᠯᠤᠰᠤᠨ ᠦᠵᠦᠭ ᠰᠢᠭ᠌ ᠳᠦᠷᠰᠦ ᠨᠢ ᠰᠢᠳᠤᠷᠭᠤ ᠬᠠᠭᠤᠴᠢᠨ ᠭᠡᠳᠡᠭ ᠬᠤᠴᠢ ᠠᠨᠤ ᠯᠠ ᠬᠠᠭᠤᠴᠢᠷᠠᠭᠰᠠᠨ ᠡᠴᠠ ᠬᠤᠪᠢ ᠵᠠᠶᠠᠬ᠋ ᠊ᠠ᠋ ᠠᠨᠤ ᠤᠭᠲᠤᠬᠠᠨ ᠴᠤ ᠬᠠᠭᠤᠴᠢᠷᠠᠬ᠋ ᠊ᠠ᠋ ᠦᠭᠡᠢ ᠦᠰᠦᠭ ᠪᠤᠯᠭᠠᠨ ᠠᠨᠤ ᠡᠷᠳᠡᠨᠢ ᠵᠢᠨ ᠰᠢᠨᠵᠢᠲᠡᠢ ᠦᠢ ᠊ᠡ᠋ ᠪᠤᠯᠭᠠᠨ ᠠᠨᠤ ᠡᠷᠳᠡᠮ ᠊ᠦᠨ ᠰᠢᠮᠡᠲᠡᠢ ᠰᠤᠶᠤᠯ ᠮᠠᠨᠳᠤᠯ ᠊ᠤᠨ ᠪᠤᠭᠤᠷᠤᠯ ᠲᠡᠷᠢᠭᠦᠨ ᠰᠤᠶᠤᠩᠪᠤ ᠵᠢᠨ ᠡᠪᠦᠭᠡ ᠲᠠᠨ ᠊ᠢ ᠪᠠᠨ ᠶᠠᠭᠠᠬᠢᠬᠤ ᠪᠤᠢ᠃

 

HTML Comment Box is loading comments...

 

HTML Comment Box is loading comments...
HTML Comment Box is loading comments...
Хайлт

Яг одоо
Хаанаас, хэд
Flag Counter
Цаг тооны бичиг
       
free counters

Холбоо барих: amanbai631102@gmail.com