| ᠥᠰᠬᠥ ᠡᠴᠡ ᠰᠤᠷᠤᠭᠰᠠᠨ ᠥᠨᠳᠦᠰᠦᠨ ᠊ᠦ ᠬᠡᠯᠡ | ᠤᠮᠠᠷᠲᠠᠵᠤ ᠪᠤᠯᠤᠰᠢ ᠥᠭᠡᠢ ᠰᠤᠶᠤᠯ᠂ | ᠥᠬᠦᠲᠡᠯ ᠡ ᠤᠷᠤᠰᠢᠬᠤ ᠲᠥᠷᠦᠯᠬᠢ ᠨᠤᠲᠤᠭ | ᠰᠠᠯᠵᠥ ᠪᠤᠯᠤᠰᠢ ᠥᠬᠡᠢ ᠤᠷᠤᠨ᠃ | /ᠳᠠ᠂ ᠨᠠᠴᠤᠭᠳᠤᠷᠵᠢ/ | ᠂ ᠂ ᠂ ᠂ ᠂ ᠂ ᠂ ᠂ ᠂ ᠂ |                       ᠪᠡ᠂ ᠷᠢᠨᠴᠡᠨ "ᠮᠤᠩᠭᠤᠯ ᠬᠡᠯᠡ" | ᠴᠢᠬᠢᠨ ᠊ᠦ ᠴᠢᠮᠡᠭ ᠪᠤᠯᠤᠭᠰᠠᠨ ᠠᠶᠠᠯᠭᠤ ᠰᠠᠢᠬᠠᠨ ᠮᠤᠩᠭᠤᠯ ᠬᠡᠯᠡ | ᠴᠢᠩ ᠵᠤᠷᠢᠭᠲᠤ ᠡᠪᠦᠭᠡᠳ ᠳᠡᠭᠡᠳᠦᠰ ᠊ᠦᠨ ᠮᠢᠨᠢ ᠥᠪ᠋ ᠶᠡᠬᠡ ᠡᠷᠳᠡᠨᠢ | ᠰᠤᠨᠤᠰᠬᠤ ᠪᠦᠷᠢ ᠢᠷᠠᠭᠤ ᠪᠠᠶᠠᠯᠢᠭ ᠊ᠢ ᠭᠠᠢᠬᠠᠨ ᠪᠠᠶᠠᠰᠴᠤ | ᠰᠤᠳᠤ ᠶᠡᠬᠡ ᠪᠢᠯᠢᠭᠲᠦ ᠲᠦᠮᠡᠨ ᠶᠤᠭᠡᠨ ᠪᠢᠰᠢᠷᠡᠨ ᠮᠠᠭᠲᠠᠮᠤ ᠪᠢ | ᠤᠷᠢᠳᠤ ᠵᠢᠨ ᠪᠡᠷᠬᠡ ᠴᠠᠭ ᠲᠤ ᠤᠯᠤᠰ ᠮᠤᠩᠭᠤᠯ ᠊ᠤᠨ ᠬᠡᠲᠦ ᠵᠠᠶᠠᠬ᠋ ᠊ᠠ᠋ ᠵᠢ | ᠤᠢᠳᠬᠠᠷᠯᠠᠨ ᠪᠤᠳᠤᠬᠤ ᠊ᠳᠤ ᠮᠢᠨᠢ ᠤᠷᠮ ᠊ᠠ᠋ ᠵᠤᠷᠢᠭ ᠊ᠢ ᠮᠢᠨᠢ ᠰᠡᠷᠭᠦᠭᠡᠭᠰᠡᠨ | ᠥᠭᠡᠳᠡᠯᠡᠨ ᠳᠡᠭᠵᠢᠬᠦ ᠵᠢᠨ ᠲᠡᠭᠦᠰ ᠬᠤᠪᠢᠲᠠᠢ ᠊ᠳᠦ ᠢᠨᠦ ᠢᠲᠡᠭᠡᠭᠦᠯᠦᠭᠰᠡᠨ | ᠥᠷᠨᠢᠨ ᠮᠠᠨᠳᠤᠬᠤ ᠵᠢᠨ ᠰᠢᠨᠵᠢ ᠪᠦᠷᠢᠳᠦᠭᠰᠡᠨ ᠡᠪᠦᠭᠡᠳ ᠊ᠦᠨ ᠮᠢᠨᠢ ᠬᠡᠯᠡ | ᠮᠥᠷᠡᠨ ᠭᠤᠤᠯ ᠴᠢᠳᠬᠤᠯᠠᠩᠲᠤ ᠰᠢᠷᠭᠡᠰᠢ ᠦᠭᠡᠢ ᠶᠡᠬᠡ ᠳᠠᠯᠠᠢ ᠮᠡᠲᠦ | ᠮᠥᠩᠬᠡᠳᠡ ᠦᠷ ᠊ᠡ᠋ ᠠᠴᠢ ᠨᠠᠷ ᠊ᠤᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ | ᠬᠥᠨᠳᠡᠢ ᠴᠡᠭᠡᠵᠢᠨ ᠊ᠳᠦ ᠤᠷᠤᠭᠴᠢ ᠪᠦᠭᠦᠳᠡ ᠵᠢ ᠨᠡᠪᠲᠡᠷᠡᠭᠦᠯᠬᠦ ᠴᠢᠳᠠᠯᠲᠤ | ᠬᠥᠭ᠍ᠵᠢᠮ ᠮᠡᠲᠦ ᠢᠷᠠᠭᠤ ᠪᠠᠶᠠᠰᠬᠤᠯᠠᠩᠲᠤ ᠮᠤᠩᠭᠤᠯ ᠬᠡᠯᠡ ᠮᠢᠨᠢ | ᠥᠰᠬᠦ ᠨᠠᠰᠤᠨ ᠡᠴᠠ ᠥᠲᠡᠯᠬᠦ ᠨᠠᠰᠤ ᠬᠦᠷᠲᠡᠯ ᠊ᠡ᠋ ᠴᠢᠮ ᠊ᠠ᠋ ᠶᠤᠭᠠᠨ ᠰᠤᠳᠤᠯᠤᠨ | ᠡᠳᠦᠷ ᠪᠦᠷᠢ ᠦᠭᠡᠰ ᠊ᠦᠨ ᠡᠷᠳᠡᠨᠢ ᠵᠢ ᠴᠢᠨᠢ ᠪᠠᠶᠠᠷᠯᠠᠨ ᠲᠡᠭᠦᠨᠡᠮ | ᠲᠦᠮᠡᠨ ᠲᠦᠮᠡᠨ ᠦᠢ ᠊ᠡ᠋ ᠵᠢᠨ ᠤᠶᠤᠨ ᠪᠢᠯᠢᠭ᠌ ᠊᠌ᠦᠨ ᠦᠯᠡᠮᠵᠢ ᠰᠠᠩ ᠊ᠦᠨ ᠡᠭᠦᠳᠡ ᠵᠢ ᠴᠢᠨᠢ | ᠲᠦᠯᠬᠢᠬᠦ ᠪᠦᠷᠢ ᠰᠡᠳᠬᠢᠯ ᠰᠡᠷᠭᠦᠨ ᠮᠠᠩᠨᠠᠢ ᠵᠢᠨ ᠦᠷᠴᠢᠯᠡᠭᠡ ᠲᠡᠨᠡᠢᠨᠡᠮ | ᠲᠦᠭ᠍ᠰᠢᠭᠦᠷᠢᠲᠤ ᠪᠡᠷᠬᠡ ᠵᠢ ᠳᠠᠪᠠᠨ ᠲᠤᠭᠤᠯᠤᠭᠰᠠᠨ ᠪᠠᠭᠠᠲᠤᠷ ᠲᠦᠮᠠᠨ ᠊ᠦ ᠮᠢᠨᠢ | ᠲᠦᠪᠰᠢᠨ.᠊ᠡ᠋ ᠰᠤᠶᠤᠯ ᠡᠷᠳᠡᠨᠢ ᠶᠤᠭᠡᠨ ᠮᠠᠨᠳᠤᠭᠤᠯᠬᠤ ᠵᠢᠨ ᠭᠡᠭᠡᠨ ᠤᠯᠠᠷᠢᠯ ᠨᠡᠭᠡᠭᠡᠭᠳᠡᠭᠰᠡᠨ ᠊ᠳᠦ | ᠰᠡᠯᠪᠢᠯ ᠦᠭᠡᠢ ᠰᠡᠴᠡᠨ ᠤᠶᠤᠨᠲᠠᠨ᠂ ᠬᠡᠯᠡ ᠶᠤᠭᠡᠨ ᠡᠩᠬᠦᠷᠡᠢᠯᠡᠨ ᠬᠥᠭ᠍ᠵᠢᠭᠦᠯᠦᠶᠦ ᠬᠡᠮᠡᠨ | ᠰᠡᠤᠡᠬᠢᠯ ᠤᠷᠮᠠᠰ ᠪᠠᠳᠠᠷᠠᠨ ᠪᠠᠬᠠᠳᠠᠮᠤ᠂ ᠦᠰᠦᠨ ᠪᠤᠭᠤᠷᠤᠯ ᠥᠲᠡᠭᠦᠰ ᠪᠢ | ᠬᠤᠲᠤᠭ ᠥᠯᠵᠡᠢ ᠪᠦᠷᠢᠳᠦᠭᠰᠡᠨ ᠬᠤᠪᠢ ᠵᠠᠶᠭᠠᠲᠤ ᠶᠡᠬᠡ ᠲᠦᠮᠡᠨ ᠊ᠦ ᠮᠢᠨᠢ | ᠬᠤᠷᠴᠠ ᠠᠪᠢᠶᠠᠰᠲᠤ ᠬᠥᠪᠡᠭᠦᠳ ᠳᠡᠭᠦᠦ ᠨᠡᠷ᠂ ᠬᠠᠯᠠᠭᠤᠨ ᠡᠯᠢᠭᠡᠲᠡᠨ ᠬᠤᠲᠠᠯᠠ ᠪᠠᠷ | ᠡᠭᠡᠰᠢᠭ᠌ ᠰᠠᠶᠢᠬᠠᠨ ᠮᠤᠩᠭᠤᠯ ᠬᠡᠯᠡ ᠶᠤᠭᠡᠨ ᠨᠡᠩ ᠬᠠᠶᠢᠷᠠᠯᠠᠨ ᠳᠡᠭᠡᠳᠦᠯᠡᠵᠦ | ᠡᠩᠬᠦᠷᠡᠢᠯᠡᠨ ᠪᠠᠳᠠᠷᠠᠭᠤᠯᠬᠤ ᠵᠢᠨ ᠪᠠᠲᠤ ᠵᠤᠷᠢᠭ ᠲᠡᠭᠦᠰ ᠶᠠᠭᠤᠲᠠᠢ ᠰᠠᠶᠢᠬᠠᠨ | ᠴᠢᠬᠢᠨ ᠊ᠦ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ | ᠴᠢᠩ ᠵᠤᠷᠢᠭᠲᠤ ᠡᠪᠦᠭᠡᠳ ᠳᠡᠭᠡᠳᠦᠰ ᠊ᠦᠨ ᠮᠢᠨᠢ ᠥᠪ᠋ ᠶᠡᠬᠡ ᠡᠷᠳᠡᠨᠢ | ᠰᠤᠨᠤᠰᠬᠤ ᠪᠦᠷᠢ ᠢᠷᠠᠭᠤ ᠪᠠᠶᠠᠯᠢᠭ ᠊ᠢ ᠭᠠᠢᠬᠠᠨ ᠪᠠᠶᠠᠰᠴᠤ | ᠰᠤᠳᠤ ᠶᠡᠬᠡ ᠪᠢᠯᠢᠭᠲᠦ ᠲᠦᠮᠡᠨ ᠶᠤᠭᠡᠨ ᠪᠢᠰᠢᠷᠡᠨ ᠮᠠᠭᠲᠠᠮᠤ ᠪᠢ | ᠂ ᠂ ᠂ ᠂ ᠂ ᠂ ᠂ ᠂ ᠂ ᠂ | •ᠪᠡ᠂ ᠢᠪᠠᠤᠬᠤᠯᠠᠨ ᠌"ᠡᠬᠡ ᠬᠡᠯᠡ" | ᠮᠣᠩᠭᠤᠯ ᠣᠷᠤᠨ ᠳᠤ |  | ᠮᠣᠩᠭᠤᠯ ᢈᠦᠮᠦᠨ ᠪᠣᠯᠵᠤ ᠲᠦᠷᠦᢉᠰᠡᠨ ᠳᠡᢉᠡᠨ |  | ᠮᠦᠩᢈᠡᠷᠡᢈᠦ ᠶᠤᠮ ᠰᠢᠭ ᠪᠢ ᠪᠠᠶᠠᠷᠯᠠᠳᠠᠭ |  | ᠦᠨᠢᠷ ᠪᠠᠶᠠᠨ |  | ᠡᢈᠡ ᢈᠡᠯᠡᠨ ᠦ ᠪᠡᠨ ᢉᠦᠨ ᠳᠠᠯᠠᠢ ᠳᠤ |  | ᠡᠪᠴᠢᢉᠦᠨ ᠵᠠᠪᠢ ᠰᠢᠭ |  | ᠰᠡᠯᠢᠵᠤ ᠰᠤᠷᠤᠭᠰᠠᠨ ᠳᠠᠭᠠᠨ ᠪᠢ ᠪᠠᠬᠠᠷᠬᠠᠳᠠᠭ |  | ᠪᠤᠲᠠᠨ ᠤ ᠰᠢᠷᠭᠤᠯᠵᠢ ᠰᠢᠭ |  | ᠪᠤᠴᠠᠯᠵᠤ ᠪᠠᠢᠢᠭᠠ ᠪᠤᠮᠠᠨ ᠤ ᠳᠤᠮᠳᠠ ᠠᠴᠠ |  | ᠪᠤᠤᠷᠠᠯ ᠬᠠᠩᠭᠠᠢ ᠵᠢᠨ |  | ᠢᠷᠠᠭᠤ ᢈᠦᢉ ᠰᠢᢉ ᠤᠶᠠᠩᠭᠠᠲᠠᠨ ᠤ ᠳᠣᠲᠤᠷᠠ ᠠᠴᠠ |  | ᠤᠷᠰᠬᠠᠯ ᠨᠢᠳᠦᠨ ᠦ |  | ᠲᠠᠨᠢᠵᠤ ᠬᠠᠷᠠᠮᠠ ᠦᢉᠡᠢ ᠢᠵᠢᠯᠢ ᠵᠢᠨ ᠳᠤᠮᠳᠠ ᠠᠴᠠ |  | ᠤᠬᠠᠷ ᠰᠣᠨᠤᠰᠬᠠᠯ ᠤᠨ |  | ᠢᠯᠭᠠᠵᠤ ᠳᠤᠭᠤᠯᠮᠠ ᠦᢉᠡᠢ ᠠᠶᠠᠯᠭᠤᠨ ᠳᠣᠲᠤᠷᠠ ᠠᠴᠠ |  | ᠠᠮᠠ ᠨᠡᢉᠡᢉᠡᢈᠦ ᠳᠡᢉᠡᠨ |  | ᠡᠵᠢ ᢉᠡᠵᠦ ᠠᠩᠬᠠ ᠰᠤᠷᠤᠭᠰᠠᠨ ᢈᠡᠯᠡ ᠪᠡᠷ ᠮᠢᠨᠢ |  | ᠠᠯᠲᠠᠨ ᠳᠡᠯᠡᢈᠡᠢ |  | ᠮᠣᠩᠭᠤᠯ ᢈᠦᠮᠦᠨ ᢉᠡᠵᠦ ᠨᠠᠮᠠᠢᠢ ᠲᠠᠨᠢᠨᠠ᠃ | ᠂ ᠂ ᠂ ᠂ ᠂ ᠂ ᠂ ᠂ ᠂ ᠂ | 
 •ᠳᠡ᠂ ᠤᠷᠢᠶᠠᠩᠬᠠᠢ "ᠮᠤᠩᠭᠤᠯ ᠬᠡᠯᠡ" | ᠤᠳᠬ ᠊ᠠ᠋ ᠴᠢᠨᠠᠳᠤ ᠤᠷᠠᠨ ᠨᠠᠶᠢᠷᠠᠭ ᠲᠤ | ᠤᠴᠢᠭ ᠭᠦᠨ ᠢᠷᠦᠭᠡᠯ ᠵᠢᠡᠷ ᠪᠢᠯᠢᠭ ᠵᠤᠬᠢᠷᠠᠵᠤ | ᠠᠭᠤᠯᠠ ᠵᠢ ᠠᠨᠤ ᠥᠨᠳᠦᠷᠯᠡᠬᠦ ᠊ᠳᠦ ᠠᠭᠤᠯᠠ  ᠪᠤᠯᠤᠭᠰᠠᠨ ᠮᠤᠩᠭᠤᠯ ᠬᠡᠯᠡ ᠮᠢᠨᠢ | ᠤᠨᠳᠤᠷᠭ᠋ ᠊ᠠ᠋ ᠵᠢ ᠠᠨᠤ ᠳᠡᠪᠢᠯᠡᠬᠦ ᠊ᠳᠦ ᠮᠥᠷᠡᠨ ᠪᠤᠯᠤᠭᠰᠠᠨ ᠮᠤᠩᠭᠤᠯ ᠬᠡᠯᠡ ᠮᠢᠨᠢ | ᠥᠭᠡᠳᠡ ᠪᠡᠨ ᠵᠠᠶᠠᠭᠠᠨ ᠊ᠤ ᠬᠤᠭᠤᠴᠠᠭ᠊ᠠ᠋ ᠤᠷᠲᠤᠰᠬᠠᠬᠤ ᠊ᠳᠤ ᠬᠤᠨᠤᠭ ᠨᠡᠮᠡᠵᠦ | ᠥᠨᠦ ᠬᠤᠶᠢᠴᠢ ᠵᠢᠨ ᠲᠡᠦᠬᠡ ᠠᠷᠢᠭᠤᠰᠬᠠᠬᠤ ᠊ᠳᠤ ᠤᠨ ᠵᠢᠯ ᠨᠡᠮᠡᠵᠦ | ᠳᠡᠯᠡᠬᠡᠢ ᠵᠢ ᠭᠡᠢᠢᠭᠦᠯᠦᠭᠰᠡᠨ ᠡᠭᠡᠰᠢᠭ ᠨᠠᠶᠢᠷᠠᠭ ᠊ᠤᠨ ᠨᠠᠷᠠᠨ ᠊ᠳᠤ | ᠳᠧᠩᠯᠦ ᠳᠧᠩᠯᠦ ᠭᠡᠷᠡᠯ ᠵᠢᠡᠨ ᠴᠢᠳᠬᠤᠭᠰᠠᠨ ᠮᠤᠩᠭᠤᠯ ᠬᠡᠯᠡ ᠮᠢᠨᠢ | ᠦᠭᠡᠲᠡᠢ ᠶᠠᠷᠢᠶᠠᠲᠠᠢ ᠬᠤᠷᠸᠠ ᠵᠢᠨ ᠦᠨᠡᠨ ᠊ᠳᠦ ᠥᠭᠦᠯᠡᠪᠦᠷᠢ ᠢᠪᠡᠯᠴᠡᠵᠦ | ᠦᠷᠡᠲᠡᠢ ᠵᠢᠮᠢᠰᠲᠡᠢ ᠬᠤᠷᠸᠠ ᠵᠢᠨ ᠵᠥᠪ ᠲᠦ ᠦᠨᠳᠦᠰᠦ ᠡᠯᠪᠡᠯᠴᠡᠵᠦ | ᠠᠮᠢᠳᠤᠷᠠᠯ ᠊ᠤᠨ ᠰᠡᠭᠦᠳᠡᠷ ᠪᠤᠭᠤᠨᠢᠰᠬᠠᠬᠤ ᠠᠳᠬᠠᠤ ᠰᠢᠪᠳᠠᠭᠤ ᠠᠷᠰᠠᠯᠳᠤᠭᠠᠨ ᠊ᠳᠤ | ᠠᠷᠭᠠᠮᠠᠭ ᠊ᠤᠨ ᠬᠤᠷᠳᠤ ᠪᠠᠷ ᠰᠢᠨᠳᠠᠰᠤ ᠬᠤᠪᠢᠶᠠᠯᠴᠠᠭᠰᠠᠨ ᠮᠤᠩᠭᠤᠯ ᠬᠡᠯᠡ ᠮᠢᠨᠢ | ᠮᠤᠷᠢᠲᠠᠨ ᠮᠡᠷᠭᠡᠳ ᠊ᠦᠨ ᠰᠤᠤ ᠰᠠᠬᠢᠭᠰᠠᠨ ᠡᠷᠳᠡᠮ ᠲᠡᠭᠦᠰ ᠡ᠊ᠩᠬᠦᠷᠡᠢ ᠡᠬᠡ ᠬᠡᠯᠡ ᠮᠢᠨᠢ | ᠮᠤᠬᠤᠬᠤ᠂ ᠮᠥᠬᠦᠬᠦ ᠵᠢᠨ ᠬᠠᠯᠠᠭ ᠦᠯᠦ ᠬᠠᠯᠳᠠᠬᠤ ᠰᠦᠯᠳᠡ ᠤᠷᠤᠰᠢᠭᠰᠠᠨ ᠮᠥᠩᠬᠡ ᠮᠤᠩᠭᠤᠯ ᠬᠡᠯᠡ ᠮᠢᠨᠢ | ᠂ ᠂ ᠂ ᠂ ᠂ ᠂ ᠂ ᠂ ᠂ ᠂ | •ᠳᠤ᠂ ᠪᠤᠯᠤᠳᠬᠤᠶᠠᠭ "ᠮᠤᠩᠭᠤᠯ ᠬᠡᠯᠡ" | ᠬᠢᠩᠭᠠᠨ ᠊ᠤ ᠨᠢᠷᠤᠭᠤᠨ ᠊ᠳᠤ ᠠᠵᠢᠷᠭᠠᠨ ᠴᠢᠨᠤ ᠊ᠠ᠋ ᠤᠯᠢᠬᠤ ᠠᠨᠤ ᠤᠷᠲᠤ ᠵᠢᠨ ᠳᠠᠭᠤᠨ ᠊ᠤ ᠰᠢᠷᠤᠩᠬᠠᠢ ᠶᠤᠮ | ᠬᠠᠭᠠᠴᠠᠯ ᠊ᠤᠨ ᠭᠤᠨᠢᠭ ᠊ᠢ ᠤᠷᠲᠤ ᠵᠢᠨ ᠳᠠᠭᠤᠤ ᠪᠠᠷ ᠠᠷᠭᠠᠳᠠᠬᠤ ᠠᠨᠤ ᠥᠨᠳᠦᠷ ᠭᠠᠵᠠᠷ ᠊ᠤᠨ ᠰᠠᠯᠬᠢ ᠶᠤᠮ | ᠡᠷᠲᠡᠨ ᠊ᠦ ᠨᠤᠲᠤᠭ ᠲᠤ ᠥᠨᠳᠦᠷ ᠊ᠦᠨ ᠰᠠᠯᠬᠢ ᠬᠦᠭᠢᠬᠦ ᠨᠢ ᠠᠮᠤᠷᠵᠢᠬᠤ ᠡᠬᠡ ᠵᠢᠨ ᠳᠤᠩᠰᠢᠯ ᠶᠤᠮ | ᠡᠬᠡ ᠡᠴᠡ ᠲᠥᠷᠦᠭᠡᠳ ᠲᠡᠩᠬᠡᠭᠡ ᠮᠡᠳᠡᠨ ᠴᠢᠷᠠᠯᠠᠬᠤ ᠠᠨᠤ ᠮᠢᠨᠦ ᠮᠤᠩᠭᠤᠯ ᠬᠡᠯᠡ ᠶᠤᠮ ᠠ᠋ | ᠬᠡᠷᠡᠮ ᠊ᠤᠨ ᠴᠠᠭᠠᠨ᠋.᠊ᠠ᠋ ᠡᠴᠠ ᠠᠳᠤᠭᠤ ᠨᠤᠲᠤᠭ ᠊ᠠ᠋ ᠭᠦᠶᠦᠬᠦ ᠢᠨᠦ ᠠᠭᠠᠳᠠᠷ ᠪᠤᠷᠤᠭᠠᠨ ᠊ᠤ ᠲᠤᠪᠰᠢᠶ ᠊ᠠ᠋ ᠶᠤᠮ | ᠬᠡᠭᠡᠷ ᠊ᠡ᠋ ᠲᠠᠯ ᠊ᠠ᠋ ᠊ᠳᠤ ᠠᠭᠠᠳᠠᠷ ᠱᠠᠭᠢᠨ ᠤᠷᠤᠬᠤ ᠠᠨᠤ ᠠᠮᠠᠷᠠᠭ ᠱᠠᠨᠵᠠ ᠵᠢᠨ ᠠᠶᠠᠯᠭᠤ ᠶᠤᠮ | ᠲᠥᠪᠦᠩᠬᠢ ᠠᠷᠭᠠᠭᠠᠵᠤ ᠠᠮᠠᠷᠠᠭ ᠱᠠᠨᠵᠠ ᠴᠤᠷᠬᠢᠷᠠᠬᠤ ᠠᠨᠤ ᠰᠡᠳᠬᠢᠯ ᠵᠢᠡᠨ ᠢᠯᠡᠴᠢᠯᠡᠭᠰᠡᠨ ᠦᠭᠡ ᠶᠤᠮ | ᠲᠦᠭᠳᠡᠴᠢᠨ ᠪᠠᠢᠵᠤ ᠰᠡᠳᠬᠢᠯ ᠵᠢᠡᠨ ᠢᠯᠡᠴᠢᠯᠡᠬᠦ ᠢᠨᠦ ᠮᠢᠨᠦ ᠮᠤᠩᠭᠤᠯ ᠬᠡᠯᠡ ᠶᠤᠮ ᠠ᠋ | ᠡᠷᠴᠢᠰ ᠮᠥᠷᠡᠨ ᠪᠤᠳᠤᠯ ᠪᠤᠯᠤᠨ ᠤᠷᠤᠰᠬᠤ ᠠᠨᠤ ᠬᠥᠭᠡᠮᠡᠢ ᠵᠢᠨ ᠵᠠᠳᠠᠭᠠᠢ ᠠᠶᠠᠯᠭᠤ ᠶᠤᠮ | ᠡ᠊ᠯᠢᠭᠡ ᠲᠡᠮᠲᠡᠷᠢᠬᠦ ᠡᠩᠭᠡᠷ ᠵᠠᠳᠠᠭᠠᠢ ᠬᠥᠭᠡᠮᠡᠢ ᠢᠨᠦ ᠡᠪᠦᠭᠡᠨ ᠪᠦᠷᠭᠦᠳ ᠊ᠦᠨ ᠳᠠᠭᠤᠳᠠᠯᠬ᠋ ᠊ᠠ᠋ ᠶᠤᠮ | ᠥᠳᠦ ᠢᠨᠦ ᠪᠤᠭᠤᠷᠤᠯᠲᠤᠭᠰᠠᠨ ᠪᠦᠷᠭᠦᠳ ᠰᠢᠪᠠᠭᠤ ᠪᠥᠭᠡᠷᠡᠬᠦ ᠢᠨᠦ ᠡᠴᠢᠭᠡ ᠵᠢᠨ ᠠᠯᠲᠠᠨ ᠭᠡᠷᠢᠶᠡᠰᠦ ᠶᠤᠮ | ᠡᠪᠦᠭᠡ ᠳᠡᠭᠡᠳᠦᠰ ᠊ᠦᠨ ᠴᠢᠩᠳᠠᠯᠠᠨ ᠵᠠᠬᠢᠭᠰᠠᠨ ᠭᠡᠷᠢᠶᠡᠰᠦ ᠢᠨᠦ ᠮᠢᠨᠦ ᠮᠤᠩᠭᠤᠯ ᠬᠡᠯᠡ ᠶᠤᠮ ᠠ᠋ | ᠪᠠᠢᠭᠠᠯ ᠳᠠᠯᠠᠢ ᠳᠡᠯ ᠵᠢᠡᠨ ᠬᠡᠢᠢᠰᠭᠡᠨ ᠳᠠᠪᠠᠯᠭᠠᠯᠠᠬᠤ ᠠᠨᠤ ᠳᠤᠩ ᠬᠢᠰᠤᠭᠠᠨ ᠊ᠤ ᠴᠤᠤᠷᠢᠶ ᠊ᠠ᠋ ᠶᠤᠮ | ᠪᠠᠷᠠᠭᠤᠨ ᠴᠢᠬᠢᠨ ᠳᠤ ᠳᠤᠩ ᠬᠢᠰᠤᠭ᠍ ᠠ᠋ ᠴᠤᠤᠷᠢᠶᠠᠯᠠᠬᠤ ᠠᠨᠤ ᠤᠢ ᠵᠢᠨ ᠰᠠᠯᠬᠢᠨ ᠤ ᠱᠤᠤᠭᠢᠶᠠᠨ ᠶᠤᠮ | ᠲᠦᠷᠢᠮᠡᠭᠡᠢ ᠰᠠᠯᠬᠢᠨ ᠊ᠳᠤ ᠮᠤᠳᠤᠨ ᠊ᠤ ᠤᠷᠤᠢ ᠱᠤᠤᠭᠢᠬᠤ ᠠᠨᠤ ᠴᠡᠷᠢᠭ᠌ ᠡᠷᠡᠰ ᠊ᠦᠨ ᠤᠤᠬᠠᠢ ᠶᠤᠮ | ᠲᠡᠦᠬᠡ ᠱᠠᠰᠲᠢᠷ ᠡᠴᠠ ᠴᠢᠩᠭᠢᠰ ᠊ᠦᠨ ᠪᠠᠭᠠᠲᠤᠷ ᠊ᠤᠳ ᠤᠤᠬᠠᠢᠢᠯᠠᠬᠤ ᠠᠨᠤ ᠮᠢᠨᠦ ᠮᠤᠩᠭᠤᠯ ᠬᠡᠯᠡ ᠶᠤᠮ ᠠ᠋ | ᠡᠨᠡ ᠳᠥᠷᠪᠡᠨ ᠬᠢᠵᠠᠭᠠᠷ ᠊ᠤᠨ ᠬᠢᠯᠢ ᠳᠡᠭᠡᠰᠦᠨ ᠳᠤᠲᠤᠷ ᠊ᠠ᠋ | ᠡᠯᠡᠰᠦᠨ ᠊ᠦ ᠰᠢᠷᠬᠡᠭ᠌ ᠪᠥᠮᠪᠦᠷᠢᠬᠦ ᠡᠴᠡ ᠠᠶᠤᠩᠬ᠋᠊ᠠ᠋ ᠨᠢᠷᠭᠡᠬᠦ ᠬᠦᠷᠲᠡᠯ ᠊ᠡ᠋ | ᠡᠬᠡ ᠪᠠᠢᠭᠠᠯᠢ ᠵᠢᠨ ᠳᠠᠭᠤᠯᠠᠭᠰᠠᠨ ᠠᠪᠢᠶ ᠊ᠠ᠋ ᠪᠦᠬᠦᠨ ᠊ᠢ ᠰᠤᠨᠤᠷᠳᠠᠵᠤ | ᠡᠯᠦᠨᠴᠠ ᠵᠢᠨ ᠡᠯᠦᠨᠴᠠ ᠡᠴᠡ ᠲᠤᠭᠤᠷᠪᠢᠭᠰᠠᠨ ᠳᠠᠩᠴᠤ ᠢᠷᠠᠭᠤ ᠮᠤᠩᠭᠤᠯ ᠬᠡᠯᠡ ᠡ᠋ |