•ᠨᠡ᠂ ᠯᠤᠲᠤᠪᠠᠶᠠᠷ ᠌᠌"ᠪᠤᠰᠤᠭ᠊ᠠ᠋ ᠪᠢᠴᠢᠭ"
|
ᠪᠤᠰᠤᠭ᠍ ᠠ᠋ ᠶᠠᠪᠤᠭᠰᠠᠨ ᠤ ᠪᠠᠲᠤᠯᠭ᠍ ᠠ᠋ ᠴᠤ ᠶᠤᠮ ᠰᠢᠭ᠋ | ᠪᠤᠰᠤᠭ᠍ ᠠ᠋ ᠶᠠᠪᠤᠬᠤ ᠵᠢᠨ ᠨᠤᠲᠠᠯᠭ᠍ ᠠ᠋ ᠴᠤ ᠶᠤᠮ ᠰᠢᠭ᠋ | ᠪᠤᠰᠴᠤ ᠶᠠᠪᠤᠭᠰᠠᠨ ᠮᠤᠩᠭᠤᠯ ᠤᠪᠤᠭᠲᠠᠨ ᠤ | ᠪᠤᠰᠤᠭ᠍ ᠠ᠋ ᠵᠤᠬᠢᠶᠠᠭᠳᠠᠭᠰᠠᠨ ᠪᠤᠰᠤᠭ᠍ ᠠ᠋ ᠪᠢᠴᠢᠭ ᠮᠢᠨᠦ | ᠡᠳᠦᠭᠡ ᠪᠢᠳᠡ ᠥᠭᠡᠳᠡᠯᠡᠵᠦ ᠶᠠᠪᠤᠭ᠍ ᠠ᠋ ᠨᠢ ᠦᠨᠡᠨ | ᠥᠪ ᠰᠤᠶᠤᠯ ᠵᠢᠠᠨ ᠪᠠᠰᠠ ᠭᠡᠭᠡᠵᠦ ᠶᠠᠪᠤᠭ᠍ ᠠ᠋ ᠨᠢ ᠦᠨᠡᠨ | ᠬᠦᠯᠦᠭ ᠦᠨ ᠶᠠᠪᠤᠳᠠᠯᠲᠠᠢ ᠬᠤᠷᠳᠤᠨ ᠪᠢᠴᠢᠭ ᠵᠢᠡᠨ ᠬᠠᠶᠠᠴᠢᠬᠠᠭᠠᠳ | ᠬᠡᠦᠬᠡᠳ ᠦᠳ ᠲᠡᠭᠡᠨ ᠬᠡᠷᠭᠲᠡᠢ ᠦᠨᠳᠦᠰᠦᠨ ᠦ ᠰᠤᠶᠤᠯ ᠵᠢᠠᠨ ᠤᠮᠠᠷᠲᠠᠴᠢᠬᠠᠭᠠᠳ | ᠤᠬᠤᠷ ᠪᠤᠭᠤᠨᠢ ᠪᠤᠳᠤᠭᠰᠠᠨ ᠤ ᠬᠠᠷ ᠠ᠋ ᠭᠠᠢ ᠵᠢ | ᠤᠳᠤ ᠪᠢᠳᠡ ᠡᠳ᠋ᠯᠡᠵᠦ ᠰᠠᠭᠤᠨ.ᠠ᠋ ᠠ᠋ | ᠡᠪᠦᠭᠡᠳ ᠮᠢᠨᠢ ᠡᠷᠢᠯ ᠳᠦ ᠮᠤᠷᠳᠠᠬᠤ ᠳᠠᠭᠠᠨ | ᠬᠥᠲᠦᠯᠦᠭᠡ ᠮᠤᠷᠢᠲᠠᠢ ᠭᠠᠷᠳᠠᠭ ᠶᠤᠰᠤᠨ | ᠥᠨᠦᠳᠦᠷ ᠨᠠᠳᠤᠷ ᠭᠦᠨ ᠤᠬᠠᠭᠠᠨ ᠰᠤᠶᠤᠷᠬᠠᠯ ᠠ᠋ | ᠡᠷᠳᠡᠮ ᠦᠨ ᠠᠶᠠᠨ ᠳᠤ ᠮᠤᠷᠳᠠᠭᠰᠠᠨ ᠬᠡᠨ ᠪᠤᠯᠪᠠᠴᠤ | ᠬᠤᠶᠠᠷ ᠪᠢᠴᠢᠭᠲᠡᠢ ᠶᠠᠪᠤᠪᠠᠰᠤ | ᠡᠴᠡᠨ ᠴᠤᠴᠠᠵᠤ ᠠᠯᠵᠢᠶᠠᠨ.ᠠ᠋ ᠴᠤ ᠭᠡᠵᠦ ᠦᠭᠡᠢ ᠳᠡ | ᠲᠡᠷᠭᠡᠨ ᠦ ᠮᠥᠷᠡᠨ ᠭᠡᠳᠡᠰᠦᠲᠡᠢ | ᠲᠡᠮᠡᠭᠡᠨ ᠲᠠᠪᠠᠬᠠᠢ ᠦᠰᠦᠭᠲᠡᠢ | ᠨᠠᠷᠠᠨ ᠰᠠᠴᠤᠷᠠᠭ ᠤᠷᠬᠢᠴᠠᠲᠠᠢ | ᠨᠠᠪᠴᠢᠨ ᠵᠢᠷᠤᠮᠠᠯ ᠰᠢᠯᠪᠢᠲᠡᠢ |
ᠲᠠᠯ ᠠ᠋ ᠰᠠᠷᠠᠬᠠᠨ ᠵᠠᠷᠲᠢᠭᠲᠠᠢ | ᠲᠠᠰᠢᠭᠤᠷ ᠰᠤᠷᠠᠨ ᠴᠠᠴᠤᠯᠭᠠᠲᠠᠢ | ᠰᠤᠯᠠ ᠬᠠᠷᠠᠬᠠᠨ ᠭᠡᠵᠢᠭᠲᠡᠢ | ᠰᠤᠪᠤᠳᠤᠨ ᠳᠠᠷᠤᠯᠭ᠍ ᠠ᠋ ᠲᠢᠲᠢᠮᠲᠡᠢ | ᠵᠢᠩ ᠦᠨ ᠴᠤᠪᠤᠭ᠍ ᠠ᠋ ᠰᠢᠭ᠋ ᠬᠡᠪᠲᠡᠢ | ᠵᠢᠷᠢᠮ ᠦᠨ ᠰᠦᠯᠵᠢᠶᠡᠨ ᠳᠦ ᠤᠷᠤᠰᠢᠭᠰᠠᠨ ᠪᠢᠴᠢᠭ ᠮᠢᠨᠦ | ᠶᠠᠩᠲᠠᠢ ᠳᠤ ᠳᠦᠷᠦᠭᠰᠡᠨ ᠪᠢᠷ ᠦᠨ | ᠦᠵᠦᠭᠦᠷ ᠬᠥᠰᠢᠬᠦ ᠦᠭᠡᠢ ᠬᠢᠯᠪᠠᠷ | ᠢᠯᠠᠯᠲᠠ ᠪᠡᠯᠭᠡᠳᠡᠭᠰᠡᠨ ᠠᠷᠠᠳ ᠤᠨ | ᠤᠳᠬ ᠠ᠋ ᠰᠡᠢᠯᠦᠭᠰᠡᠨ ᠪᠤᠰᠤᠭ᠍ ᠠ᠋ ᠪᠢᠴᠢᠭ ᠮᠢᠨᠦ | ᠤᠷᠤᠭᠤ ᠪᠠᠭᠤᠬᠤ ᠰᠢᠭ᠋ ᠭᠠᠷ ᠤᠨ ᠳᠠᠭᠠᠭᠤ ᠳᠠ | ᠤᠷᠭᠤᠬᠤ ᠨᠠᠷᠠᠨ ᠰᠢᠭ᠋ ᠵᠥᠪ ᠡᠷᠭᠢᠭᠦᠯᠭᠡᠲᠡᠢ ᠳᠡ | ᠭᠦᠨ ᠤᠬᠠᠭᠠᠨ ᠨᠡᠪᠴᠢᠭᠰᠡᠨ | ᠭᠦᠶᠦᠭᠦᠯ ᠬᠤᠷᠳᠤᠨ ᠪᠢᠴᠢᠭ ᠮᠢᠨᠦ | ᠳᠡᠮᠡᠢ ᠭᠡᠵᠦ ᠳᠡᠭᠡᠳᠦᠰ ᠦᠨ ᠵᠢᠡᠨ ᠥᠪ ᠢ ᠭᠡᠭᠡᠬᠦ ᠦᠭᠡᠢ | ᠳᠡᠯᠡᠬᠡᠢ ᠳᠦ ᠲᠠᠨᠢᠬᠤ ᠲᠡᠮᠳᠡᠭ ᠪᠤᠰᠤᠭ᠍ ᠠ᠋ ᠪᠢᠴᠢᠭ ᠮᠢᠨᠦ | ᠪᠤᠰᠤᠭ᠍ ᠠ᠋ ᠶᠠᠪᠤᠭᠰᠠᠨ ᠮᠤᠩᠭᠤᠯ ᠤᠪᠤᠭᠲᠠᠨ ᠤ | ᠪᠤᠰᠤᠭ᠍ ᠠ᠋ ᠵᠤᠬᠢᠶᠠᠭᠳᠠᠭᠰᠠᠨ ᠪᠤᠰᠤᠭ᠍ ᠠ᠋ ᠪᠢᠴᠢᠭ ᠮᠢᠨᠦ | ᠪᠤᠰᠤᠭ᠍ ᠠ᠋ ᠶᠠᠪᠤᠭᠰᠠᠨ ᠤ ᠪᠠᠲᠤᠯᠭ᠍ ᠠ᠋ | ᠪᠤᠰᠤᠭ᠍ ᠠ᠋ ᠶᠠᠪᠤᠬᠤ ᠵᠢᠨ ᠨᠤᠲᠠᠯᠭ᠍ ᠠ᠋ ᠮᠢᠨᠦ ᠵᠡ |
HTML Comment Box is loading comments...
HTML Comment Box is loading comments...