|
ᠰᠡ᠂ ᠯᠤᠪᠰᠠᠩᠳᠤᠨᠳᠤᠪ "ᠦᠰᠦᠭ ᠪᠢᠴᠢᠭ"
|
ᠦᠯᠡᠰᠢᠭᠦᠢ ᠡᠷᠳᠡᠨ ᠡᠴᠡ ᠡᠭᠦᠳᠡᠲᠡᠢ |
ᠦᠶᠡᠯᠵᠡᠳᠦᠨ ᠤᠷᠤᠰᠬᠤ ᠭᠤᠤᠯ ᠰᠢᠭ᠋ |
ᠤᠪᠤᠭᠤ ᠴᠤᠪᠤᠭᠤᠯᠵᠤ ᠪᠢᠴᠢᠳᠡᠭ |
ᠤᠶᠢᠭᠤᠷᠵᠢᠨ ᠪᠢᠴᠢᠭ ᠮᠢᠨᠢ |
ᠠᠮᠠ ᠳᠠᠭᠠᠮᠠᠲᠠᠭᠠᠢ ᠤᠯᠠᠨ ᠊ᠳᠠᠭᠠᠨ ᠰᠤᠨᠤᠰᠬᠠᠬᠤ |
ᠠᠳᠬᠠᠭ ᠦᠭᠡᠢ ᠰᠡᠳᠬᠢᠯ ᠡᠴᠡ ᠡᠭᠦᠰᠦᠭᠰᠡᠨ ᠳᠠᠭᠤᠤ ᠪᠠᠨ |
ᠠᠰᠢᠳᠠ ᠴᠢᠮ ᠊ᠠ᠋ ᠪᠠᠷ ᠰᠡᠶᠢᠯᠦᠨ ᠤᠷᠠᠯᠠᠵᠤ |
ᠠᠶ ᠊ᠠ᠋ ᠪᠤᠯᠭᠠᠨ ᠰᠤᠨᠤᠷ ᠲᠤ ᠠᠨᠤ ᠬᠦᠷᠭᠡᠳᠡᠭ |
ᠮᠥᠨ ᠶᠡᠬᠡ ᠨᠢᠭᠤᠴᠠ ᠵᠢ ᠤᠤᠭᠤᠯ ᠪᠢᠴᠢᠭ ᠮᠢᠨᠢ |
ᠮᠥᠩᠬᠡᠵᠢᠭᠦᠯᠦᠨ ᠬᠠᠳᠠᠭᠠᠯᠠᠵᠤ ᠤᠯᠠᠨ ᠊ᠳᠤ ᠲᠠᠨᠢᠭᠤᠯᠤᠭᠰᠠᠨ |
ᠦᠶ ᠊ᠡ᠋ ᠴᠠᠭ ᠠᠯᠭᠠᠰᠠᠯ ᠦᠭᠡᠢ |
ᠥᠰᠬᠦ ᠦᠶ ᠊ᠡ᠋ ᠰᠤᠷᠴᠤ |
ᠨᠠᠷᠠᠨ ᠰᠢᠭ᠋ ᠮᠠᠨᠳᠤᠵᠤ |
ᠨᠠᠷᠮᠠᠢ ᠲᠦᠮᠡᠨ ᠊ᠳᠡᠭᠡᠨ ᠡᠷᠳᠡᠮ ᠊ᠢ ᠮᠡᠳᠡᠭᠦᠯᠲᠦᠭᠡᠢ᠃ |
᠂᠂᠂᠂᠂᠂᠂᠂᠂᠂᠂᠂᠂ |
ᠬᠢᠶᠠᠭᠲᠤ ᠵᠢᠨ ᠵᠡᠭᠡᠯᠢ ᠳᠡᠭᠡᠷ ᠊ᠡ᠋ ᠪᠠᠶᠢᠬ᠋ ᠊ᠠ᠋ |
ᠮᠤᠩᠭᠤᠯ ᠬᠦᠮᠦᠨ᠂ ᠬᠦᠷᠢᠶᠡᠨ ᠊ᠦ ᠮᠤᠩᠭᠤᠯ᠂ |
ᠪᠡᠭᠡᠵᠢᠩ ᠊ᠦᠨ ᠭᠤᠳᠤᠮᠵᠢᠨ ᠊ᠳᠤ ᠭᠦᠶᠦᠵᠦ |
ᠶᠠᠪᠤᠬ᠋ ᠊ᠠ᠋ ᠮᠤᠩᠭᠤᠯ ᠬᠦᠮᠦᠰ ᠪᠡᠢ ᠊ᠡ᠋ ᠪᠡᠢ ᠊ᠡ᠋ ᠪᠡᠨ |
ᠰᠢᠭᠤᠳ ᠤᠶᠢᠯᠭᠠᠯᠴᠠᠳᠠᠭ ᠭᠠᠶᠢᠬᠠᠮᠰᠢᠭᠲᠠᠢ |
ᠪᠢᠴᠢᠭ ᠦᠰᠦᠭᠲᠡᠢ ᠠᠷᠠᠳ ᠲᠦᠮᠡᠨ ᠰᠢᠦ ᠊ᠳᠡ᠂ |
ᠮᠤᠩᠭᠤᠯᠴᠤᠳ᠃ /ᠪᠤ᠂ ᠶ᠂ ᠸᠯᠠᠳᠢᠮᠢᠷᠼᠤᠸ᠋/ |
᠂᠂᠂᠂᠂᠂᠂᠂᠂᠂᠂᠂᠂᠂ |
•ᠨᠡ᠂ ᠯᠤᠲᠤᠪᠠᠶᠠᠷ ᠌᠌"ᠪᠤᠰᠤᠭ᠊ᠠ᠋ ᠪᠢᠴᠢᠭ"
|
ᠪᠤᠰᠤᠭ᠍ ᠠ᠋ ᠶᠠᠪᠤᠭᠰᠠᠨ ᠤ ᠪᠠᠲᠤᠯᠭ᠍ ᠠ᠋ ᠴᠤ ᠶᠤᠮ ᠰᠢᠭ᠋ |
ᠪᠤᠰᠤᠭ᠍ ᠠ᠋ ᠶᠠᠪᠤᠬᠤ ᠵᠢᠨ ᠨᠤᠲᠠᠯᠭ᠍ ᠠ᠋ ᠴᠤ ᠶᠤᠮ ᠰᠢᠭ᠋ |
ᠪᠤᠰᠴᠤ ᠶᠠᠪᠤᠭᠰᠠᠨ ᠮᠤᠩᠭᠤᠯ ᠤᠪᠤᠭᠲᠠᠨ ᠤ |
ᠪᠤᠰᠤᠭ᠍ ᠠ᠋ ᠵᠤᠬᠢᠶᠠᠭᠳᠠᠭᠰᠠᠨ ᠪᠤᠰᠤᠭ᠍ ᠠ᠋ ᠪᠢᠴᠢᠭ ᠮᠢᠨᠦ |
ᠡᠳᠦᠭᠡ ᠪᠢᠳᠡ ᠥᠭᠡᠳᠡᠯᠡᠵᠦ ᠶᠠᠪᠤᠭ᠍ ᠠ᠋ ᠨᠢ ᠦᠨᠡᠨ |
ᠥᠪ ᠰᠤᠶᠤᠯ ᠵᠢᠠᠨ ᠪᠠᠰᠠ ᠭᠡᠭᠡᠵᠦ ᠶᠠᠪᠤᠭ᠍ ᠠ᠋ ᠨᠢ ᠦᠨᠡᠨ |
ᠬᠦᠯᠦᠭ ᠦᠨ ᠶᠠᠪᠤᠳᠠᠯᠲᠠᠢ ᠬᠤᠷᠳᠤᠨ ᠪᠢᠴᠢᠭ ᠵᠢᠡᠨ ᠬᠠᠶᠠᠴᠢᠬᠠᠭᠠᠳ |
ᠬᠡᠦᠬᠡᠳ ᠦᠳ ᠲᠡᠭᠡᠨ ᠬᠡᠷᠭᠲᠡᠢ ᠦᠨᠳᠦᠰᠦᠨ ᠦ ᠰᠤᠶᠤᠯ ᠵᠢᠠᠨ ᠤᠮᠠᠷᠲᠠᠴᠢᠬᠠᠭᠠᠳ |
ᠤᠬᠤᠷ ᠪᠤᠭᠤᠨᠢ ᠪᠤᠳᠤᠭᠰᠠᠨ ᠤ ᠬᠠᠷ ᠠ᠋ ᠭᠠᠢ ᠵᠢ |
ᠤᠳᠤ ᠪᠢᠳᠡ ᠡᠳ᠋ᠯᠡᠵᠦ ᠰᠠᠭᠤᠨ.ᠠ᠋ ᠠ᠋ |
ᠡᠪᠦᠭᠡᠳ ᠮᠢᠨᠢ ᠡᠷᠢᠯ ᠳᠦ ᠮᠤᠷᠳᠠᠬᠤ ᠳᠠᠭᠠᠨ |
ᠬᠥᠲᠦᠯᠦᠭᠡ ᠮᠤᠷᠢᠲᠠᠢ ᠭᠠᠷᠳᠠᠭ ᠶᠤᠰᠤᠨ |
ᠥᠨᠦᠳᠦᠷ ᠨᠠᠳᠤᠷ ᠭᠦᠨ ᠤᠬᠠᠭᠠᠨ ᠰᠤᠶᠤᠷᠬᠠᠯ ᠠ᠋ |
ᠡᠷᠳᠡᠮ ᠦᠨ ᠠᠶᠠᠨ ᠳᠤ ᠮᠤᠷᠳᠠᠭᠰᠠᠨ ᠬᠡᠨ ᠪᠤᠯᠪᠠᠴᠤ |
ᠬᠤᠶᠠᠷ ᠪᠢᠴᠢᠭᠲᠡᠢ ᠶᠠᠪᠤᠪᠠᠰᠤ |
ᠡᠴᠡᠨ ᠴᠤᠴᠠᠵᠤ ᠠᠯᠵᠢᠶᠠᠨ.ᠠ᠋ ᠴᠤ ᠭᠡᠵᠦ ᠦᠭᠡᠢ ᠳᠡ |
ᠲᠡᠷᠭᠡᠨ ᠦ ᠮᠥᠭᠡᠷᠡᠨ ᠭᠡᠳᠡᠰᠦᠲᠡᠢ |
ᠲᠡᠮᠡᠭᠡᠨ ᠲᠠᠪᠠᠬᠠᠢ ᠦᠰᠦᠭᠲᠡᠢ |
ᠨᠠᠷᠠᠨ ᠰᠠᠴᠤᠷᠠᠭ ᠤᠷᠬᠢᠴᠠᠲᠠᠢ |
ᠨᠠᠪᠴᠢᠨ ᠵᠢᠷᠤᠮᠠᠯ ᠰᠢᠯᠪᠢᠲᠡᠢ |
ᠲᠠᠯ ᠠ᠋ ᠰᠠᠷᠠᠬᠠᠨ ᠵᠠᠷᠲᠢᠭᠲᠠᠢ |
ᠲᠠᠰᠢᠭᠤᠷ ᠰᠤᠷᠠᠨ ᠴᠠᠴᠤᠯᠭᠠᠲᠠᠢ |
ᠰᠤᠯᠠ ᠬᠠᠷᠠᠬᠠᠨ ᠭᠡᠵᠢᠭᠡᠲᠡᠢ |
ᠰᠤᠪᠤᠳᠤᠨ ᠳᠠᠷᠤᠯᠭ᠍ ᠠ᠋ ᠲᠢᠲᠢᠮᠲᠡᠢ |
ᠵᠢᠩ ᠦᠨ ᠴᠤᠪᠤᠭ᠍ ᠠ᠋ ᠰᠢᠭ᠋ ᠬᠡᠪᠲᠡᠢ |
ᠵᠢᠷᠢᠮ ᠦᠨ ᠰᠦᠯᠵᠢᠶᠡᠨ ᠳᠦ ᠤᠷᠤᠰᠢᠭᠰᠠᠨ ᠪᠢᠴᠢᠭ ᠮᠢᠨᠦ |
ᠶᠠᠩᠲᠠᠢ ᠳᠤ ᠳᠦᠷᠦᠭᠰᠡᠨ ᠪᠢᠷ ᠦᠨ |
ᠦᠵᠦᠭᠦᠷ ᠬᠥᠰᠢᠬᠦ ᠦᠭᠡᠢ ᠬᠢᠯᠪᠠᠷ |
ᠢᠯᠠᠯᠲᠠ ᠪᠡᠯᠭᠡᠳᠡᠭᠰᠡᠨ ᠠᠷᠠᠳ ᠤᠨ |
ᠤᠳᠬ ᠠ᠋ ᠰᠡᠢᠯᠦᠭᠰᠡᠨ ᠪᠤᠰᠤᠭ᠍ ᠠ᠋ ᠪᠢᠴᠢᠭ ᠮᠢᠨᠦ |
ᠤᠷᠤᠭᠤ ᠪᠠᠭᠤᠬᠤ ᠰᠢᠭ᠋ ᠭᠠᠷ ᠤᠨ ᠳᠠᠭᠠᠭᠤ ᠳᠠ |
ᠤᠷᠭᠤᠬᠤ ᠨᠠᠷᠠᠨ ᠰᠢᠭ᠋ ᠵᠥᠪ ᠡᠷᠭᠢᠭᠦᠯᠭᠡᠲᠡᠢ ᠳᠡ |
ᠭᠦᠨ ᠤᠬᠠᠭᠠᠨ ᠨᠡᠪᠴᠢᠭᠰᠡᠨ |
ᠭᠦᠶᠦᠭᠦᠯ ᠬᠤᠷᠳᠤᠨ ᠪᠢᠴᠢᠭ ᠮᠢᠨᠦ |
ᠳᠡᠮᠡᠢ ᠭᠡᠵᠦ ᠳᠡᠭᠡᠳᠦᠰ ᠦᠨ ᠵᠢᠡᠨ ᠥᠪ ᠢ ᠭᠡᠭᠡᠬᠦ ᠦᠭᠡᠢ |
ᠳᠡᠯᠡᠬᠡᠢ ᠳᠦ ᠲᠠᠨᠢᠬᠤ ᠲᠡᠮᠳᠡᠭ ᠪᠤᠰᠤᠭ᠍ ᠠ᠋ ᠪᠢᠴᠢᠭ ᠮᠢᠨᠦ |
ᠪᠤᠰᠤᠭ᠍ ᠠ᠋ ᠶᠠᠪᠤᠭᠰᠠᠨ ᠮᠤᠩᠭᠤᠯ ᠤᠪᠤᠭᠲᠠᠨ ᠤ |
ᠪᠤᠰᠤᠭ᠍ ᠠ᠋ ᠵᠤᠬᠢᠶᠠᠭᠳᠠᠭᠰᠠᠨ ᠪᠤᠰᠤᠭ᠍ ᠠ᠋ ᠪᠢᠴᠢᠭ ᠮᠢᠨᠦ |
ᠪᠤᠰᠤᠭ᠍ ᠠ᠋ ᠶᠠᠪᠤᠭᠰᠠᠨ ᠤ ᠪᠠᠲᠤᠯᠭ᠍ ᠠ᠋ |
ᠪᠤᠰᠤᠭ᠍ ᠠ᠋ ᠶᠠᠪᠤᠬᠤ ᠵᠢᠨ ᠨᠤᠲᠠᠯᠭ᠍ ᠠ᠋ ᠮᠢᠨᠦ ᠵᠡ |
᠂᠂᠂᠂᠂᠂᠂᠂᠂᠂᠂᠂᠂᠂ |
•ᠰᠡ᠂ ᠳᠤᠯᠮ ᠊ᠠ᠋ "ᠬᠦᠮᠦᠨ ᠪᠢᠴᠢᠭ"
|
ᠲᠩᠷᠢ ᠭᠠᠵᠠᠷ ᠬᠤᠶᠠᠷ ᠊ᠢ ᠤᠴᠠᠷᠠᠭᠤᠯᠵᠤ |
ᠨᠠᠮᠢᠷᠠᠬ᠋ ᠊ᠠ᠋ ᠬᠤᠷ ᠊ᠠ᠋ ᠤᠷᠤᠬᠤ ᠮᠡᠲᠦ |
ᠲᠡᠨᠢᠭᠦᠨ ᠤᠢᠲᠠᠨ ᠬᠤᠶᠠᠷ ᠊ᠢ ᠤᠴᠢᠷᠯᠠᠵᠤ |
ᠮᠤᠷᠢᠨ ᠬᠤᠭᠤᠷ ᠲᠠᠲᠠᠬᠤ ᠮᠡᠲᠦ |
ᠲᠡᠯ᠊ᠮᠡᠨ ᠵᠢᠷᠤᠬ᠋ ᠊ᠠ᠋ ᠵᠢᠨ ᠨᠢᠳᠤᠭᠠᠯᠠ |
ᠮᠤᠩᠭᠤᠯ ᠪᠢᠴᠢᠭ᠌ ᠵᠢᠡᠷ ᠵᠢᠡᠨ ᠪᠢᠴᠢᠳᠡᠭᠰᠡᠨ |
ᠲᠢᠲᠢᠮ᠂ ᠰᠢᠳᠦ᠂ ᠨᠢᠷᠤᠭᠤ᠂ ᠰᠢᠯᠪᠢᠲᠡᠢ |
ᠲᠡᠷᠡ ᠴᠢᠭ᠌ ᠵᠢᠡᠷ ᠵᠢᠡᠨ ᠬᠦᠮᠦᠨ ᠊ ᠪᠢᠴᠢᠭ᠌ ᠮᠢᠨᠢ |
ᠬᠠᠷᠠᠩᠬᠤᠢ ᠰᠥᠨᠢ ᠵᠢᠨ ᠴᠠᠬᠢᠯᠭᠠᠨ ᠴᠠᠬᠢᠬᠤ ᠊ᠳᠤ |
ᠬᠠᠶᠠᠯᠬ᠋ ᠊ᠠ᠋ ᠴᠠᠴᠤᠯᠬ᠋ ᠊ᠠ᠋ ᠠᠨᠤ ᠵᠢᠷᠤᠯᠵᠠᠬᠤ ᠰᠢᠭ᠋ ᠪᠤᠯᠳᠠᠭ |
ᠬᠠᠪᠠᠷ ᠊ᠤᠨ ᠤᠷᠢ ᠪᠠᠷ ᠴᠠᠰᠤ ᠬᠠᠨᠵᠠᠷᠠᠬᠤ ᠊ᠳᠤ |
ᠬᠠᠷᠠᠬᠠᠨ ᠪᠢᠷ ᠵᠢᠡᠷ ᠲᠠᠲᠠᠯᠭᠠᠬᠤ ᠰᠢᠭ᠋ ᠪᠤᠯᠳᠠᠭ |
ᠬᠠᠯᠠᠭᠤᠨ ᠬᠤᠰᠢᠭᠤᠲᠤ ᠮᠠᠯ ᠊ᠤᠨ ᠳᠠᠩᠰᠠ ᠰᠢᠭ᠋ |
ᠬᠠᠯᠵᠠᠨ ᠴᠠᠭᠠᠨ ᠰᠦᠷᠦᠭ ᠮᠢᠨᠢ ᠪᠡᠯᠴᠢᠳᠡᠭ |
ᠬᠥᠯ᠊ᠭᠡᠨ ᠰᠤᠳᠤᠷ ᠊ᠤᠨ ᠮᠡᠷᠭᠡᠨ ᠭᠠᠷᠴᠢᠭ ᠰᠢᠭ᠋ |
ᠬᠥᠨᠳᠡᠯᠡᠨ ᠬᠥᠬᠡ ᠠᠭᠤᠯᠠᠰ ᠠᠨᠤ ᠪᠢᠳᠡᠷᠲᠦᠳᠡᠭ |
ᠤᠳᠤᠮ ᠵᠠᠯᠭᠠᠭᠰᠠᠨ ᠨᠤᠲᠤᠭ ᠊ᠤᠨ ᠵᠢᠠᠨ ᠬᠠᠮᠢᠬ᠋ ᠊ᠠ᠋ ᠡᠴᠠ ᠴᠤ |
ᠬᠤᠳᠤᠮ ᠪᠢᠴᠢᠭ ᠊ᠤᠨ ᠵᠢᠠᠨ ᠳᠦᠷᠰᠦ ᠵᠢ ᠦᠭᠡᠶᠢᠯᠡᠳᠡᠭ |
ᠲᠥᠷᠦ ᠤᠯᠤᠰ ᠊ᠤᠨ ᠵᠢᠡᠨ ᠲᠠᠮᠠᠭᠠᠨ ᠊ᠳᠤ ᠰᠡᠢᠯᠦᠭᠡᠰᠦᠲᠡᠢ |
ᠲᠦᠮᠡᠨ ᠭᠠᠵᠠᠷ ᠊ᠤᠨ ᠬᠡᠷᠡᠮ ᠡᠴᠡ ᠴᠦ ᠳᠤᠤᠯᠢᠶᠠᠨᠲᠠᠢ |
ᠲᠦᠪᠰᠢᠨ ᠮᠡᠷᠭᠡᠳ ᠊ᠦᠨ ᠡᠪᠦᠷ ᠲᠤ ᠬᠤᠢᠯᠠᠭᠠᠰᠤᠲᠠᠢ |
ᠲᠡᠦᠬᠡ ᠪᠦᠲᠦᠭᠡᠯᠴᠡᠵᠦ ᠶᠠᠪᠤᠭᠰᠠᠨ ᠪᠢᠴᠢᠭ᠌ ᠮᠢᠨᠢ |
ᠠᠷᠪᠢᠰ ᠡᠷᠳᠡᠮ ᠊ᠦᠨ ᠠᠷᠢᠭᠤᠨ ᠳᠡᠭᠡᠵᠢ ᠵᠢ |
ᠠᠷᠪᠠᠨ ᠤᠬᠠᠭᠠᠨ ᠊ᠤ ᠨᠤᠮ ᠊ᠳᠤ ᠪᠤᠲᠢᠯᠠᠵᠤ |
ᠶᠢᠰᠦᠨ ᠡᠷᠳᠡᠨᠢ ᠪᠡᠷ ᠬᠤᠪᠢᠯᠭᠠᠨ ᠭᠡᠷᠡᠯᠲᠦᠭᠰᠡᠨ |
ᠶᠡᠷᠦ ᠪᠢᠰᠢ ᠵᠢᠨ ᠬᠤᠪᠢ ᠲᠠᠪᠢᠯᠠᠩᠲᠠᠢ |
ᠨᠤᠮᠤ ᠵᠢᠨ ᠬᠥᠪᠴᠢ ᠰᠢᠭ᠌ ᠪᠢᠴᠢᠭ᠌ ᠮᠢᠨᠢ ᠦᠭᠡᠢ ᠪᠤᠯ |
ᠨᠢᠭᠤᠴᠠ ᠲᠤᠪᠴᠢᠶ ᠠ᠋ ᠪᠠᠨ ᠶᠠᠭᠤ ᠪᠠᠷ ᠪᠢᠴᠢᠬᠦ ᠪᠤᠢ |
ᠭᠡᠷᠡᠯᠲᠦ ᠬᠥᠰᠢᠶ ᠊ᠡ᠋ ᠪᠡᠨ ᠶᠠᠭᠤ ᠪᠠᠷ ᠰᠡᠢᠯᠬᠦ ᠪᠤᠢ |
ᠭᠡᠰᠡᠷ᠂ ᠵᠠᠩᠭᠠᠷ ᠵᠢᠠᠨ ᠶᠠᠭᠤ ᠪᠠᠷ ᠬᠠᠢᠯᠠᠬᠤ ᠪᠤᠢ |
ᠮᠢᠩᠭᠠᠨ ᠨᠠᠰᠤᠲᠠᠢ ᠪᠢᠴᠢᠭ᠌ ᠮᠢᠨᠢ ᠦᠭᠡᠢ ᠪᠤᠯ |
ᠮᠢᠨᠳᠠᠰᠤᠨ ᠪᠠᠷᠢᠨᠲᠠᠭᠲᠠᠢ ᠨᠤᠮ ᠊ᠤᠳ ᠵᠢᠠᠨ ᠶᠠᠭᠠᠬᠢᠬᠤ ᠪᠤᠢ |
ᠮᠢᠷᠠᠯᠵᠠᠨ ᠥᠩᠭᠡᠷᠡᠬᠦ ᠤᠯᠠᠨ ᠵᠠᠭᠤᠨ ᠵᠢᠠᠷ |
ᠮᠠᠷᠲᠠᠯ ᠦᠭᠡᠢ ᠢᠷᠡᠭᠰᠡᠨ ᠊ᠦ ᠤᠴᠢᠷ ᠶᠠᠭᠤ ᠪᠤᠢ |
ᠥᠯ᠊ᠮᠡᠢ ᠳᠡᠭᠡᠷ ᠊ᠡ᠋ ᠪᠡᠨ ᠭᠢᠰᠭᠢ᠍ᠭᠰᠡᠨ ᠬᠦᠮᠦᠨ ᠰᠢᠭ᠌ |
ᠥᠭᠡᠳᠡ ᠪᠡᠨ ᠤᠷᠤᠭᠤ ᠪᠠᠨ ᠲᠡᠰᠢᠭᠰᠡᠨ ᠪᠢᠴᠢᠭ᠌ ᠮᠢᠨᠢ |
ᠠᠴᠢ ᠦᠷᠡᠰ ᠲᠡᠭᠡᠨ ᠠᠳᠠ ᠦᠵᠡᠭᠳᠡᠬᠦ |
ᠠᠳᠠᠯ ᠵᠠᠶᠠᠬ᠋ ᠊ᠠ᠋ ᠵᠢ ᠠᠮᠰᠠᠭᠰᠠᠨ ᠪᠢᠴᠢᠭ᠌ ᠮᠢᠨᠢ |
ᠳᠤᠭᠰᠢᠨ ᠡᠪᠦᠭᠡᠳ ᠊ᠦᠨ ᠲᠡᠦᠬᠡ ᠬᠠᠢᠯᠠᠭᠰᠠᠨ ᠊ᠳᠠᠭᠠᠨ |
ᠳᠤᠷᠤᠨ.ᠠ᠋ ᠵᠢᠨ ᠥᠪ᠋ ᠰᠤᠶᠤᠯ ᠊ᠢ ᠬᠠᠳᠠᠭᠠᠯᠠᠭᠰᠠᠨ ᠊ᠳᠠᠭᠠᠨ |
ᠳᠤᠯᠤᠭᠠᠨ ᠪᠤᠷᠬᠠᠨ ᠊ᠤ ᠳᠤᠮᠤᠭ ᠊ᠢ ᠬᠢᠮᠠᠭᠠᠳᠠᠭᠰᠠᠨ ᠊ᠳᠠᠭᠠᠨ |
ᠳᠤᠷᠤᠳᠠᠵᠤ ᠪᠠᠭᠤᠷᠠᠭᠰᠠᠨ᠂ ᠳᠤᠷᠤᠢᠲᠠᠵᠤ ᠪᠤᠷᠤᠭᠤᠳᠠᠭᠰᠠᠨ |
ᠭᠠᠯ ᠊ᠤᠨ ᠳᠥᠯᠦᠨ ᠊ᠳᠦ ᠬᠥᠳᠦᠰᠦ ᠰᠢᠭ᠌ ᠬᠤᠨᠢᠷᠢᠵᠤ |
ᠭᠠᠷ ᠰᠠᠷᠪᠠᠯᠵᠠᠭᠤᠯᠤᠨ ᠰᠢᠲᠠᠵᠤ ᠪᠠᠢᠬᠤ ᠊ᠳᠠᠭᠠᠨ ᠴᠤ |
ᠭᠠᠭᠴᠠ ᠬᠤᠶᠠᠷ ᠵᠢᠠᠷ ᠵᠢᠠᠨ ᠦᠯᠡᠳᠡᠭᠰᠡᠨ ᠲᠠᠰᠤᠷᠬᠠᠢ ᠠᠨᠤ |
ᠭᠠᠳᠠᠬ᠋ ᠊ᠠ᠋ ᠬᠥᠳᠡᠭᠡ ᠬᠡᠢᠢᠰᠴᠦ ᠪᠠᠢᠬᠤ ᠊ᠳᠠᠭᠠᠨ ᠴᠤ |
ᠥᠯᠥᠭᠡᠢᠢᠲᠡᠢ ᠬᠤᠢᠴᠢ ᠊ᠳᠠᠭᠠᠨ ᠵᠤᠯᠭᠠᠬᠤ ᠰᠠᠨ ᠭᠡᠬᠦ ᠊ᠳᠡᠭᠡᠨ |
ᠥᠯᠦᠩ ᠳᠡᠷᠡᠰᠦᠨ ᠊ᠦ ᠤᠩᠭᠢ ᠲᠠᠢ ᠤᠷᠢᠶᠠᠯᠳᠤᠵᠤ |
ᠥᠨᠳᠦᠷᠬᠡᠨ ᠵᠢᠯᠠᠭᠠᠨ ᠊ᠳᠤ ᠲᠤᠭᠲᠠᠬᠤ ᠰᠠᠨ ᠬᠡᠬᠦ ᠊ᠳᠡᠭᠡᠨ |
ᠥᠷᠭᠡᠰᠦᠲᠦ ᠬᠠᠮᠬᠤᠤᠯ ᠲᠠᠢ ᠥᠩᠬᠦᠷᠢᠵᠦ ᠶᠠᠪᠤᠭᠰᠠᠨ |
ᠲᠡᠦᠬᠡ ᠪᠡᠨ ᠥᠮᠥᠭᠡᠷᠡᠬᠦ ᠵᠥᠩ ᠰᠤᠪᠢᠨ ᠊ᠢ ᠨᠢ |
ᠲᠦᠢᠷᠡᠨ ᠪᠤᠯᠭᠠᠭᠰᠠᠨ ᠬᠡᠳᠦᠨ ᠬᠦᠮᠦᠨ ᠮᠢᠨᠢ |
ᠲᠦᠢᠮᠡᠷ ᠊ᠦᠨ ᠡᠮᠦᠨ.᠊ᠡ᠋ ᠤᠬᠠᠭᠠᠨ ᠨᠢ ᠬᠦᠴᠦ ᠦᠭᠡᠢ |
ᠲᠦᠳᠡᠭ ᠪᠤᠯᠤᠭᠰᠠᠨ ᠬᠡᠳᠦᠨ ᠨᠤᠮ ᠮᠢᠨᠢ |
ᠬᠤᠳᠠᠯ ᠬᠡᠯᠡᠳᠡᠭ ᠦᠭᠡᠢ ᠤᠤᠠᠬ ᠊ᠠ᠋ ᠠᠨᠤ ᠰᠢᠳᠤᠷᠭᠤ |
ᠬᠤᠯᠤᠰᠤᠨ ᠦᠵᠦᠭ ᠰᠢᠭ᠌ ᠳᠦᠷᠰᠦ ᠨᠢ ᠰᠢᠳᠤᠷᠭᠤ |
ᠬᠠᠭᠤᠴᠢᠨ ᠭᠡᠳᠡᠭ ᠬᠤᠴᠢ ᠠᠨᠤ ᠯᠠ ᠬᠠᠭᠤᠴᠢᠷᠠᠭᠰᠠᠨ ᠡᠴᠠ |
ᠬᠤᠪᠢ ᠵᠠᠶᠠᠬ᠋ ᠊ᠠ᠋ ᠠᠨᠤ ᠤᠭᠲᠤᠬᠠᠨ ᠴᠤ ᠬᠠᠭᠤᠴᠢᠷᠠᠬ᠋ ᠊ᠠ᠋ ᠦᠭᠡᠢ |
ᠦᠰᠦᠭ ᠪᠤᠯᠭᠠᠨ ᠠᠨᠤ ᠡᠷᠳᠡᠨᠢ ᠵᠢᠨ ᠰᠢᠨᠵᠢᠲᠡᠢ |
ᠦᠢ ᠊ᠡ᠋ ᠪᠤᠯᠭᠠᠨ ᠠᠨᠤ ᠡᠷᠳᠡᠮ ᠊ᠦᠨ ᠰᠢᠮᠡᠲᠡᠢ |
ᠰᠤᠶᠤᠯ ᠮᠠᠨᠳᠤᠯ ᠊ᠤᠨ ᠪᠤᠭᠤᠷᠤᠯ ᠲᠡᠷᠢᠭᠦᠨ |
ᠰᠤᠶᠤᠩᠪᠤ ᠵᠢᠨ ᠡᠪᠦᠭᠡ ᠲᠠᠨ ᠊ᠢ ᠪᠠᠨ ᠶᠠᠭᠠᠬᠢᠬᠤ ᠪᠤᠢ᠃ |