•ᠳᠡ᠂ ᠤᠷᠢᠶᠠᠩᠬᠠᠢ "ᠮᠤᠩᠭᠤᠯ ᠬᠡᠯᠡ"
|
ᠤᠳᠬ ᠊ᠠ᠋ ᠴᠢᠨᠠᠳᠤ ᠤᠷᠠᠨ ᠨᠠᠶᠢᠷᠠᠭ ᠲᠤ | ᠤᠴᠢᠭ ᠭᠦᠨ ᠢᠷᠦᠭᠡᠯ ᠵᠢᠡᠷ ᠪᠢᠯᠢᠭ ᠵᠤᠬᠢᠷᠠᠵᠤ | ᠠᠭᠤᠯᠠ ᠵᠢ ᠠᠨᠤ ᠥᠨᠳᠦᠷᠯᠡᠬᠦ ᠊ᠳᠦ ᠠᠭᠤᠯᠠ ᠪᠤᠯᠤᠭᠰᠠᠨ ᠮᠤᠩᠭᠤᠯ ᠬᠡᠯᠡ ᠮᠢᠨᠢ | ᠤᠨᠳᠤᠷᠭ᠋ ᠊ᠠ᠋ ᠵᠢ ᠠᠨᠤ ᠳᠡᠪᠢᠯᠡᠬᠦ ᠊ᠳᠦ ᠮᠥᠷᠡᠨ ᠪᠤᠯᠤᠭᠰᠠᠨ ᠮᠤᠩᠭᠤᠯ ᠬᠡᠯᠡ ᠮᠢᠨᠢ | ᠥᠭᠡᠳᠡ ᠪᠡᠨ ᠵᠠᠶᠠᠭᠠᠨ ᠊ᠤ ᠬᠤᠭᠤᠴᠠᠭ᠊ᠠ᠋ ᠤᠷᠲᠤᠰᠬᠠᠬᠤ ᠊ᠳᠤ ᠬᠤᠨᠤᠭ ᠨᠡᠮᠡᠵᠦ | ᠥᠨᠦ ᠬᠤᠶᠢᠴᠢ ᠵᠢᠨ ᠲᠡᠦᠬᠡ ᠠᠷᠢᠭᠤᠰᠬᠠᠬᠤ ᠊ᠳᠤ ᠤᠨ ᠵᠢᠯ ᠨᠡᠮᠡᠵᠦ | ᠳᠡᠯᠡᠬᠡᠢ ᠵᠢ ᠭᠡᠢᠢᠭᠦᠯᠦᠭᠰᠡᠨ ᠡᠭᠡᠰᠢᠭ ᠨᠠᠶᠢᠷᠠᠭ ᠊ᠤᠨ ᠨᠠᠷᠠᠨ ᠊ᠳᠤ | ᠳᠧᠩᠯᠦ ᠳᠧᠩᠯᠦ ᠭᠡᠷᠡᠯ ᠵᠢᠡᠨ ᠴᠢᠳᠬᠤᠭᠰᠠᠨ ᠮᠤᠩᠭᠤᠯ ᠬᠡᠯᠡ ᠮᠢᠨᠢ
|
ᠦᠭᠡᠲᠡᠢ ᠶᠠᠷᠢᠶᠠᠲᠠᠢ ᠬᠤᠷᠸ᠎ᠠ ᠵᠢᠨ ᠦᠨᠡᠨ ᠊ᠳᠦ ᠥᠭᠦᠯᠡᠪᠦᠷᠢ ᠢᠪᠡᠯᠴᠡᠵᠦ | ᠦᠷᠡᠲᠡᠢ ᠵᠢᠮᠢᠰᠲᠡᠢ ᠬᠤᠷᠸ᠎ᠠ ᠵᠢᠨ ᠵᠥᠪ ᠲᠦ ᠦᠨᠳᠦᠰᠦ ᠡᠯᠪᠡᠯᠴᠡᠵᠦ | ᠠᠮᠢᠳᠤᠷᠠᠯ ᠊ᠤᠨ ᠰᠡᠭᠦᠳᠡᠷ ᠪᠤᠭᠤᠨᠢᠰᠬᠠᠬᠤ ᠠᠳᠬᠠᠤ ᠰᠢᠪᠳᠠᠭᠤ ᠠᠷᠰᠠᠯᠳᠤᠭᠠᠨ ᠊ᠳᠤ | ᠠᠷᠭᠠᠮᠠᠭ ᠊ᠤᠨ ᠬᠤᠷᠳᠤ ᠪᠠᠷ ᠰᠢᠨᠳᠠᠰᠤ ᠬᠤᠪᠢᠶᠠᠯᠴᠠᠭᠰᠠᠨ ᠮᠤᠩᠭᠤᠯ ᠬᠡᠯᠡ ᠮᠢᠨᠢ | ᠮᠤᠷᠢᠲᠠᠨ ᠮᠡᠷᠭᠡᠳ ᠊ᠦᠨ ᠰᠤᠤ ᠰᠠᠬᠢᠭᠰᠠᠨ ᠡᠷᠳᠡᠮ ᠲᠡᠭᠦᠰ ᠡ᠊ᠩᠬᠦᠷᠡᠢ ᠡᠬᠡ ᠬᠡᠯᠡ ᠮᠢᠨᠢ | ᠮᠤᠬᠤᠬᠤ᠂ ᠮᠥᠬᠦᠬᠦ ᠵᠢᠨ ᠬᠠᠯᠠᠭ ᠦᠯᠦ ᠬᠠᠯᠳᠠᠬᠤ ᠰᠦᠯᠳᠡ ᠤᠷᠤᠰᠢᠭᠰᠠᠨ ᠮᠥᠩᠬᠡ ᠮᠤᠩᠭᠤᠯ ᠬᠡᠯᠡ ᠮᠢᠨᠢ |
HTML Comment Box is loading comments...