ᠰᠡ᠂ ᠯᠤᠪᠰᠠᠩᠳᠤᠨᠳᠤᠪ "ᠦᠰᠦᠭ ᠪᠢᠴᠢᠭ"
|
ᠦᠯᠡᠰᠢᠭᠦᠢ ᠡᠷᠳᠡᠨ ᠡᠴᠡ ᠡᠭᠦᠳᠡᠲᠡᠢ | ᠦᠶᠡᠯᠵᠡᠳᠦᠨ ᠤᠷᠤᠰᠬᠤ ᠭᠤᠤᠯ ᠰᠢᠭ᠋ | ᠤᠪᠤᠭᠤ ᠴᠤᠪᠤᠭᠤᠯᠵᠤ ᠪᠢᠴᠢᠳᠡᠭ | ᠤᠶᠢᠭᠤᠷᠵᠢᠨ ᠪᠢᠴᠢᠭ ᠮᠢᠨᠢ | ᠠᠮᠠ ᠳᠠᠭᠠᠮᠠᠲᠠᠭᠠᠢ ᠤᠯᠠᠨ ᠊ᠳᠠᠭᠠᠨ ᠰᠤᠨᠤᠰᠬᠠᠬᠤ | ᠠᠳᠬᠠᠭ ᠦᠭᠡᠢ ᠰᠡᠳᠬᠢᠯ ᠡᠴᠡ ᠡᠭᠦᠰᠦᠭᠰᠡᠨ ᠳᠠᠭᠤᠤ ᠪᠠᠨ | ᠠᠰᠢᠳᠠ ᠴᠢᠮ ᠊ᠠ᠋ ᠪᠠᠷ ᠰᠡᠶᠢᠯᠦᠨ ᠤᠷᠠᠯᠠᠵᠤ | ᠠᠶ ᠊ᠠ᠋ ᠪᠤᠯᠭᠠᠨ ᠰᠤᠨᠤᠷ ᠲᠤ ᠠᠨᠤ ᠬᠦᠷᠭᠡᠳᠡᠭ | ᠮᠥᠨ ᠶᠡᠬᠡ ᠨᠢᠭᠤᠴᠠ ᠵᠢ ᠤᠤᠭᠤᠯ ᠪᠢᠴᠢᠭ ᠮᠢᠨᠢ | ᠮᠥᠩᠬᠡᠵᠢᠭᠦᠯᠦᠨ ᠬᠠᠳᠠᠭᠠᠯᠠᠵᠤ ᠤᠯᠠᠨ ᠊ᠳᠤ ᠲᠠᠨᠢᠭᠤᠯᠤᠭᠰᠠᠨ | ᠦᠶ ᠊ᠡ᠋ ᠴᠠᠭ ᠠᠯᠭᠠᠰᠠᠯ ᠦᠭᠡᠢ | ᠥᠰᠬᠦ ᠦᠶ ᠊ᠡ᠋ ᠰᠤᠷᠴᠤ | ᠨᠠᠷᠠᠨ ᠰᠢᠭ᠋ ᠮᠠᠨᠳᠤᠵᠤ | ᠨᠠᠷᠮᠠᠢ ᠲᠦᠮᠡᠨ ᠊ᠳᠡᠭᠡᠨ ᠡᠷᠳᠡᠮ ᠊ᠢ ᠮᠡᠳᠡᠭᠦᠯᠲᠦᠭᠡᠢ᠃ |