Saturday, 2024-04-13, 11:15 AM
Welcome Guest | RSS

эрдмийн жолоо хэл бичиг

                                                                                                                                                               
Сайтын цэс
Сайтын үнэлгээ
Сайтыг үнэлэх
Total of answers: 611
Цаг агаарын мэдээ

 

ERDENET ULAANBAATAR

Б. Ринчен "Монгол хэл"

ᠪᠡ‍᠂ ᠷᠢᠨᠴᠡᠨ "ᠮᠤᠩᠭᠤᠯ ᠬᠡᠯᠡ"
ᠴᠢᠬᠢᠨ ᠊ᠦ ᠴᠢᠮᠡᠭ ᠪᠤᠯᠤᠭᠰᠠᠨ ᠠᠶᠠᠯᠭᠤ ᠰᠠᠢᠬᠠᠨ ᠮᠤᠩᠭᠤᠯ ᠬᠡᠯᠡ ᠴᠢᠩ ᠵᠤᠷᠢᠭᠲᠤ ᠡᠪᠦᠭᠡᠳ ᠳᠡᠭᠡᠳᠦᠰ ᠊ᠦᠨ ᠮᠢᠨᠢ ᠥᠪ᠋ ᠶᠡᠬᠡ ᠡᠷᠳᠡᠨᠢ ᠰᠤᠨᠤᠰᠬᠤ ᠪᠦᠷᠢ ᠢᠷᠠᠭᠤ ᠪᠠᠶᠠᠯᠢᠭ ᠊ᠢ ᠭᠠᠢᠬᠠᠨ ᠪᠠᠶᠠᠰᠴᠤ ᠰᠤᠳᠤ ᠶᠡᠬᠡ ᠪᠢᠯᠢᠭᠲᠦ ᠲᠦᠮᠡᠨ ᠶᠤᠭᠡᠨ ᠪᠢᠰᠢᠷᠡᠨ ᠮᠠᠭᠲᠠᠮᠤ ᠪᠢ    ᠤᠷᠢᠳᠤ ᠵᠢᠨ ᠪᠡᠷᠬᠡ ᠴᠠᠭ ᠲᠤ ᠤᠯᠤᠰ ᠮᠤᠩᠭᠤᠯ ᠊ᠤᠨ ᠬᠡᠲᠦ ᠵᠠᠶᠠᠬ᠋ ᠊ᠠ᠋ ᠵᠢ    ᠤᠢᠳᠬᠠᠷᠯᠠᠨ ᠪᠤᠳᠤᠬᠤ ᠊ᠳᠤ ᠮᠢᠨᠢ ᠤᠷᠮ ᠊ᠠ᠋ ᠵᠤᠷᠢᠭ ᠊ᠢ ᠮᠢᠨᠢ ᠰᠡᠷᠭᠦᠭᠡᠭᠰᠡᠨ    ᠥᠭᠡᠳᠡᠯᠡᠨ ᠳᠡᠭᠵᠢᠬᠦ ᠵᠢᠨ ᠲᠡᠭᠦᠰ ᠬᠤᠪᠢᠲᠠᠢ ᠊ᠳᠦ ᠢᠨᠦ ᠢᠲᠡᠭᠡᠭᠦᠯᠦᠭᠰᠡᠨ    ᠥᠷᠨᠢᠨ ᠮᠠᠨᠳᠤᠬᠤ ᠵᠢᠨ ᠰᠢᠨᠵᠢ ᠪᠦᠷᠢᠳᠦᠭᠰᠡᠨ ᠡᠪᠦᠭᠡᠳ ᠊ᠦᠨ ᠮᠢᠨᠢ ᠬᠡᠯᠡ ᠮᠥᠷᠡᠨ ᠭᠤᠤᠯ ᠴᠢᠳᠬᠤᠯᠠᠩᠲᠤ ᠰᠢᠷᠭᠡᠰᠢ ᠦᠭᠡᠢ ᠶᠡᠬᠡ ᠳᠠᠯᠠᠢ ᠮᠡᠲᠦ ᠮᠥᠩᠬᠡᠳᠡ ᠦᠷ ᠊ᠡ᠋ ᠠᠴᠢ ᠨᠠᠷ ᠊ᠤᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ ᠬᠥᠨᠳᠡᠢ ᠴᠡᠭᠡᠵᠢᠨ ᠊ᠳᠦ ᠤᠷᠤᠭᠴᠢ ᠪᠦᠭᠦᠳᠡ ᠵᠢ ᠨᠡᠪᠲᠡᠷᠡᠭᠦᠯᠬᠦ ᠴᠢᠳᠠᠯᠲᠤ ᠬᠥᠭ᠍ᠵᠢᠮ ᠮᠡᠲᠦ ᠢᠷᠠᠭᠤ ᠪᠠᠶᠠᠰᠬᠤᠯᠠᠩᠲᠤ ᠮᠤᠩᠭᠤᠯ ᠬᠡᠯᠡ ᠮᠢᠨᠢ    ᠥᠰᠬᠦ ᠨᠠᠰᠤᠨ ᠡᠴᠠ ᠥᠲᠡᠯᠬᠦ ᠨᠠᠰᠤ ᠬᠦᠷᠲᠡᠯ ᠊ᠡ᠋ ᠴᠢᠮ ᠊ᠠ᠋ ᠶᠤᠭᠠᠨ ᠰᠤᠳᠤᠯᠤᠨ    ᠡᠳᠦᠷ ᠪᠦᠷᠢ ᠦᠭᠡᠰ ᠊ᠦᠨ ᠡᠷᠳᠡᠨᠢ ᠵᠢ ᠴᠢᠨᠢ ᠪᠠᠶᠠᠷᠯᠠᠨ ᠲᠡᠭᠦᠨᠡᠮ    ᠲᠦᠮᠡᠨ ᠲᠦᠮᠡᠨ ᠦᠢ ᠊ᠡ᠋ ᠵᠢᠨ ᠤᠶᠤᠨ ᠪᠢᠯᠢᠭ᠌ ᠊᠌ᠦᠨ ᠦᠯᠡᠮᠵᠢ ᠰᠠᠩ ᠊ᠦᠨ ᠡᠭᠦᠳᠡ ᠵᠢ ᠴᠢᠨᠢ    ᠲᠦᠯᠬᠢᠬᠦ ᠪᠦᠷᠢ ᠰᠡᠳᠬᠢᠯ ᠰᠡᠷᠭᠦᠨ ᠮᠠᠩᠨᠠᠢ ᠵᠢᠨ ᠦᠷᠴᠢᠯᠡᠭᠡ ᠲᠡᠨᠡᠢᠨᠡᠮ ᠲᠦᠭ᠍ᠰᠢᠭᠦᠷᠢᠲᠤ ᠪᠡᠷᠬᠡ ᠵᠢ ᠳᠠᠪᠠᠨ ᠲᠤᠭᠤᠯᠤᠭᠰᠠᠨ ᠪᠠᠭᠠᠲᠤᠷ ᠲᠦᠮᠠᠨ ᠊ᠦ ᠮᠢᠨᠢ ᠲᠦᠪᠰᠢᠨ᠎.᠊ᠡ᠋ ᠰᠤᠶᠤᠯ ᠡᠷᠳᠡᠨᠢ ᠶᠤᠭᠡᠨ ᠮᠠᠨᠳᠤᠭᠤᠯᠬᠤ ᠵᠢᠨ ᠭᠡᠭᠡᠨ ᠤᠯᠠᠷᠢᠯ ᠨᠡᠭᠡᠭᠡᠭᠳᠡᠭᠰᠡᠨ ᠊ᠳᠦ ᠰᠡᠯᠪᠢᠯ ᠦᠭᠡᠢ ᠰᠡᠴᠡᠨ ᠤᠶᠤᠨᠲᠠᠨ᠂ ᠬᠡᠯᠡ ᠶᠤᠭᠡᠨ ᠡᠩᠬᠦᠷᠡᠢᠯᠡᠨ ᠬᠥᠭ᠍ᠵᠢᠭᠦᠯᠦᠶᠦ ᠬᠡᠮᠡᠨ ᠰᠡᠤᠡᠬᠢᠯ ᠤᠷᠮᠠᠰ ᠪᠠᠳᠠᠷᠠᠨ ᠪᠠᠬᠠᠳᠠᠮᠤ᠂ ᠦᠰᠦᠨ ᠪᠤᠭᠤᠷᠤᠯ ᠥᠲᠡᠭᠦᠰ ᠪᠢ    ᠬᠤᠲᠤᠭ ᠥᠯᠵᠡᠢ ᠪᠦᠷᠢᠳᠦᠭᠰᠡᠨ ᠬᠤᠪᠢ ᠵᠠᠶᠭᠠᠲᠤ ᠶᠡᠬᠡ ᠲᠦᠮᠡᠨ ᠊ᠦ ᠮᠢᠨᠢ    ᠬᠤᠷᠴᠠ ᠠᠪᠢᠶᠠᠰᠲᠤ ᠬᠥᠪᠡᠭᠦᠳ ᠳᠡᠭᠦᠦ ᠨᠡᠷ᠂ ᠬᠠᠯᠠᠭᠤᠨ ᠡᠯᠢᠭᠡᠲᠡᠨ ᠬᠤᠲᠠᠯᠠ ᠪᠠᠷ    ᠡᠭᠡᠰᠢᠭ᠌ ᠰᠠᠶᠢᠬᠠᠨ ᠮᠤᠩᠭᠤᠯ ᠬᠡᠯᠡ ᠶᠤᠭᠡᠨ ᠨᠡᠩ ᠬᠠᠶᠢᠷᠠᠯᠠᠨ ᠳᠡᠭᠡᠳᠦᠯᠡᠵᠦ    ᠡᠩᠬᠦᠷᠡᠢᠯᠡᠨ ᠪᠠᠳᠠᠷᠠᠭᠤᠯᠬᠤ ᠵᠢᠨ ᠪᠠᠲᠤ ᠵᠤᠷᠢᠭ ᠲᠡᠭᠦᠰ ᠶᠠᠭᠤᠲᠠᠢ ᠰᠠᠶᠢᠬᠠᠨ ᠴᠢᠬᠢᠨ ᠊ᠦ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ  ᠴᠢᠩ ᠵᠤᠷᠢᠭᠲᠤ ᠡᠪᠦᠭᠡᠳ ᠳᠡᠭᠡᠳᠦᠰ ᠊ᠦᠨ ᠮᠢᠨᠢ ᠥᠪ᠋ ᠶᠡᠬᠡ ᠡᠷᠳᠡᠨᠢ ᠰᠤᠨᠤᠰᠬᠤ ᠪᠦᠷᠢ ᠢᠷᠠᠭᠤ ᠪᠠᠶᠠᠯᠢᠭ ᠊ᠢ ᠭᠠᠢᠬᠠᠨ ᠪᠠᠶᠠᠰᠴᠤ ᠰᠤᠳᠤ ᠶᠡᠬᠡ ᠪᠢᠯᠢᠭᠲᠦ ᠲᠦᠮᠡᠨ ᠶᠤᠭᠡᠨ ᠪᠢᠰᠢᠷᠡᠨ ᠮᠠᠭᠲᠠᠮᠤ ᠪᠢ

 

HTML Comment Box is loading comments...

 

Хайлт

Яг одоо
Хаанаас, хэд
Flag Counter
Цаг тооны бичиг
       
free counters

Холбоо барих: amanbai631102@gmail.com