•ᠪᠡ᠂ ᠢᠪᠠᠤᠬᠤᠯᠠᠨ ᠌"ᠡᠬᠡ ᠬᠡᠯᠡ" |
ᠮᠣᠩᠭᠤᠯ ᠣᠷᠤᠨ ᠳᠤ | ᠮᠣᠩᠭᠤᠯ ᢈᠦᠮᠦᠨ ᠪᠣᠯᠵᠤ ᠲᠦᠷᠦᢉᠰᠡᠨ ᠳᠡᢉᠡᠨ | ᠮᠦᠩᢉᠦᠨ ᠰᠠᠷᠠᠨ ᠤ ᠳᠣᠣᠷᠠ | ᠮᠦᠩᢈᠡᠷᠡᢈᠦ ᠶᠤᠮ ᠰᠢᠭ ᠪᠢ ᠪᠠᠶᠠᠷᠯᠠᠳᠠᠭ | ᠦᠨᠢᠷ ᠪᠠᠶᠠᠨ | ᠡᢈᠡ ᢈᠡᠯᠡᠨ ᠦ ᠪᠡᠨ ᢉᠦᠨ ᠳᠠᠯᠠᠢ ᠳᠤ | ᠡᠪᠴᠢᢉᠦᠨ ᠵᠠᠪᠢ ᠰᠢᠭ | ᠰᠡᠯᠢᠵᠤ ᠰᠤᠷᠤᠭᠰᠠᠨ ᠳᠠᠭᠠᠨ ᠪᠢ ᠪᠠᠬᠠᠷᠬᠠᠳᠠᠭ | ᠪᠤᠲᠠᠨ ᠤ ᠰᠢᠷᠭᠤᠯᠵᠢ ᠰᠢᠭ | ᠪᠤᠴᠠᠯᠵᠤ ᠪᠠᠢᠢᠭᠠ ᠪᠤᠮᠠᠨ ᠤ ᠳᠤᠮᠳᠠ ᠠᠴᠠ | ᠪᠤᠤᠷᠠᠯ ᠬᠠᠩᠭᠠᠢ ᠵᠢᠨ | ᠢᠷᠠᠭᠤ ᢈᠦᢉ ᠰᠢᢉ ᠤᠶᠠᠩᠭᠠᠲᠠᠨ ᠤ ᠳᠣᠲᠤᠷᠠ ᠠᠴᠠ | ᠤᠷᠰᠬᠠᠯ ᠨᠢᠳᠦᠨ ᠦ | ᠲᠠᠨᠢᠵᠤ ᠬᠠᠷᠠᠮᠠ ᠦᢉᠡᠢ ᠢᠵᠢᠯᠢ ᠵᠢᠨ ᠳᠤᠮᠳᠠ ᠠᠴᠠ | ᠤᠬᠠᠷ ᠰᠣᠨᠤᠰᠬᠠᠯ ᠤᠨ | ᠢᠯᠭᠠᠵᠤ ᠳᠤᠭᠤᠯᠮᠠ ᠦᢉᠡᠢ ᠠᠶᠠᠯᠭᠤᠨ ᠳᠣᠲᠤᠷᠠ ᠠᠴᠠ | ᠠᠮᠠ ᠨᠡᢉᠡᢉᠡᢈᠦ ᠳᠡᢉᠡᠨ | ᠡᠵᠢ ᢉᠡᠵᠦ ᠠᠩᠬᠠ ᠰᠤᠷᠤᠭᠰᠠᠨ ᢈᠡᠯᠡ ᠪᠡᠷ ᠮᠢᠨᠢ | ᠠᠯᠲᠠᠨ ᠳᠡᠯᠡᢈᠡᠢ | ᠮᠣᠩᠭᠤᠯ ᢈᠦᠮᠦᠨ ᢉᠡᠵᠦ ᠨᠠᠮᠠᠢᠢ ᠲᠠᠨᠢᠨᠠ᠃ |