ᠮᠢᠩᠭᠠᠨ |
ᠤᠨ ᠊ᠤ |
ᠤᠴᠢᠷ |
ᠰᠢᠯᠲᠠᠭᠠᠨ ᠊ᠢ |
ᠪᠢᠷ |
ᠪᠡᠬᠡᠰ ᠡᠴᠡ |
ᠠᠰᠠᠭᠤᠵᠤ᠂ |
ᠮᠢᠷᠠᠯᠵᠠᠨ |
ᠡᠷᠢᠶᠡᠯᠡᠵᠢᠯᠡᠬᠦ |
ᠦᠢᠯᠡ |
ᠶᠠᠪᠤᠳᠠᠯ ᠊ᠢ |
ᠰᠤᠳᠤᠷ |
ᠪᠢᠴᠢᠭ ᠯᠤᠭᠡ |
ᠬᠡᠯᠡᠯᠴᠡᠮᠦᠢ᠃ |
/ᠸᠠ᠂ ᠢᠨᠵᠠᠨᠨᠠᠰᠢ/
|
|
ᠮᠠᠨ ᠊ᠤ ᠴᠥᠭᠡᠨ ᠶᠠᠭᠠᠳᠤᠯᠢᠭ ᠮᠤᠩᠭᠤᠯ ᠤᠯᠤᠰ ᠡᠨᠡ ᠵᠦᠢᠯ ᠶᠡᠬᠡ |
ᠬᠡᠷᠡᠭ ᠊ᠢ ᠤᠷᠤᠯᠳᠤᠨ᠂ ᠲᠩᠷᠢ ᠵᠢᠨ ᠳᠤᠤᠷ ᠊ᠠ᠋᠂ ᠳᠡᠯᠡᠬᠡᠢ ᠵᠢᠨ ᠳᠡᠭᠡᠷ ᠊ᠡ᠋ |
ᠡᠷᠳᠡᠮᠲᠡᠨ ᠬᠦᠮᠦᠨ ᠊ᠦ ᠪᠡᠢ ᠊ᠡ᠋ ᠵᠢ ᠤᠯᠵᠤ ᠲᠥᠷᠦᠭᠰᠡᠨ ᠨᠢ ᠭᠠᠶᠢᠬᠠᠮᠰᠢᠭ |
ᠵᠤᠬᠢᠶᠠᠯ᠂ ᠡᠬᠡ ᠵᠢᠨ ᠬᠡᠪᠡᠯᠢ ᠡᠴᠡ ᠭᠠᠷᠴᠤ᠂ ᠨᠢᠯᠬ ᠊ᠠ᠋ ᠨᠢᠯᠵᠠᠷᠠᠢ ᠡᠴᠠ |
ᠡᠴᠢᠭᠡ ᠡᠬᠡ ᠵᠢᠨ ᠬᠦᠮᠦᠵᠢᠭᠦᠯᠦᠨ ᠲᠡᠵᠢᠭᠡᠬᠦ ᠠᠰᠠᠷᠠᠯ ᠊ᠳᠤ ᠳᠡᠭᠵᠢᠵᠦ᠂ |
ᠡᠳᠦᠷ ᠊ᠢ ᠲᠦᠯᠬᠢᠨ ᠥᠰᠥᠭᠰᠡᠭᠡᠷ ᠪᠡᠢ ᠊ᠡ᠋ ᠲᠡᠭᠰᠢᠷᠡᠨ᠂ ᠰᠠᠨᠠᠭ᠊ᠠ᠋ ᠤᠯᠵᠤ |
ᠬᠦᠮᠦᠵᠢᠭᠰᠡᠨ ᠊ᠦ ᠬᠤᠶᠢᠨ᠊ᠠ᠋᠂ ᠬᠡᠳᠦᠢ ᠮᠡᠷᠭᠡᠨ᠂ ᠮᠤᠩᠬᠠᠭ ᠠᠳᠠᠯᠢ ᠦᠭᠡᠢ᠂ |
ᠬᠦᠴᠦᠷᠬᠡᠭ᠂ ᠪᠠᠭᠤᠷᠠᠢ ᠥᠭᠡᠷ ᠊ᠡ᠋ ᠪᠤᠯᠪᠠᠴᠤ᠂ ᠠᠯᠢᠪᠠ ᠬᠦᠮᠦᠨ᠂ ᠰᠤᠷᠬᠤ᠂ |
ᠴᠢᠭᠯᠡᠬᠦ ᠵᠢ ᠡᠷᠬᠢᠮ ᠪᠤᠯᠭᠠᠪᠠᠯ ᠬᠠᠨᠳᠤᠬᠤ ᠵᠦᠭ ᠥᠪᠡᠰᠪᠡᠨ ᠲᠤᠭᠲᠠᠨ᠊ᠠ᠋᠃ |
ᠡᠪ᠂ ᠰᠠᠨᠠᠯ ᠨᠢᠭᠡᠳᠪᠡᠯ ᠤᠷᠴᠢᠯᠠᠩ ᠊ᠤᠨ ᠲᠦᠮᠡᠨ ᠪᠤᠳᠠᠰ ᠢ ᠭᠡᠢᠢᠭᠦᠯᠦᠨ |
ᠠᠪᠴᠤ ᠬᠦᠴᠦᠲᠡᠨ ᠢ ᠬᠤᠷᠢᠶᠠᠨ ᠴᠢᠳᠠᠨ᠎ᠠ᠃ ᠲᠡᠭᠦᠨᠴᠢᠯᠡᠨ ᠪᠢᠳᠡᠨ ᠦ ᠤᠯᠤᠰ |
ᠡᠪ᠂ ᠰᠠᠨᠠᠯ ᠢ ᠨᠢᠭᠡᠳᠭᠡᠨ ᠨᠡᠢᠢᠲᠡ ᠨᠢᠭᠡᠨ ᠬᠦᠴᠦ ᠵᠢ ᠨᠡᠶᠢᠯᠡᠭᠦᠯᠦᠨ ᠨᠢᠭᠡᠨ |
ᠵᠡᠷᠭᠡ ᠪᠡᠷ ᠵᠤᠷᠢᠭᠯᠠᠨ ᠬᠥᠳᠡᠯᠪᠡᠯ ᠦᠯᠦ ᠬᠦᠷᠬᠦ ᠭᠠᠵᠠᠷ ᠦᠭᠡᠢ ᠪᠥᠭᠡᠳ |
ᠮᠡᠳᠡᠬᠦ ᠦᠭᠡᠢ ᠪᠠ ᠴᠢᠳᠠᠬᠤ ᠦᠭᠡᠢ ᠬᠡᠮᠡᠬᠦ ᠶᠠᠪᠤᠳᠠᠯ ᠤᠭᠲᠤ ᠦᠭᠡᠢ |
ᠪᠤᠯᠵᠤ ᠭᠠᠳᠠᠭᠠᠳᠤ ᠳᠤᠳᠤᠭᠠᠲᠤ ᠵᠢᠨ ᠡᠵᠡᠷᠬᠡᠭ ᠊ᠦᠨ ᠰᠠᠪᠠᠷ ᠠᠴᠠ ᠭᠠᠷᠴᠤ᠂ |
ᠤᠴᠠᠷᠠᠬᠤ ᠵᠤᠪᠠᠯᠩ ᠦᠭᠡᠢ ᠪᠤᠯᠵᠤ᠂ ᠴᠡᠩᠭᠡᠯ ᠊ᠤᠨ ᠮᠠᠩᠯᠠᠢ ᠵᠢ ᠤᠯᠵᠤ |
ᠪᠤᠯᠬᠤ ᠵᠢ ᠳᠠᠩ ᠭᠠᠭᠴᠠ ᠪᠢᠳᠡᠨ ᠊ᠦ ᠰᠡᠳᠬᠢᠯ ᠊ᠦᠨ ᠴᠢᠩ ᠵᠤᠷᠢᠭ ᠮᠡᠳᠡᠨ᠊ᠡ᠋᠃ |
ᠲᠠᠰᠢᠢ ᠊ᠠ᠋ ᠦᠭᠡᠢ ᠦᠨᠡᠨ ᠪᠤᠯᠬᠤ ᠵᠢ ᠪᠢ ᠪᠠᠲᠤᠯᠠᠨ ᠥᠭᠦᠯᠡᠨ᠊ᠡ᠋᠃ |
|
|
|
ᠧᠦ᠋ᠷᠤ ᠠᠽᠢ ᠵᠢᠨ ᠲᠡᠦᠬᠡ ᠵᠢ ᠥᠭᠡᠷᠡᠴᠢᠯᠡᠭᠰᠡᠨ ᠮᠤᠩᠭᠤᠯ ᠊ᠤᠨ |
ᠡᠵᠡᠨᠲᠦ ᠭᠦᠷᠦᠨ ᠊ᠢ ᠤᠯᠠᠨ ᠬᠦᠮᠦᠨ ᠬᠢᠲᠠᠳ᠂ ᠤᠷᠤᠰ᠂ ᠢᠷᠠᠨ ᠊ᠢ |
ᠡᠵᠡᠯᠡᠨ ᠲᠦᠷᠢᠮᠡᠭᠡᠢᠢᠯᠡᠭᠰᠡᠨ ᠭᠡᠵᠦ ᠶᠠᠷᠢᠳᠠᠭ᠃ ᠭᠠᠵᠠᠷ ᠵᠦᠢ ᠵᠢᠨ |
ᠬᠤᠪᠢ ᠊ᠳᠤ ᠦᠨᠡᠨ᠃ ᠭᠡᠪᠡᠴᠦ ᠦᠨᠡᠨ ᠊ᠳᠡᠭᠡᠨ ᠮᠤᠩᠭᠤᠯᠴᠤᠳ ᠊ᠤᠨ |
ᠪᠠᠶᠢᠯᠳᠤᠨ ᠳᠠᠭᠠᠭᠤᠯᠤᠯ ᠤᠨ ᠡᠮᠦᠨ᠊ᠡ᠋ ᠬᠢᠲᠠᠳ᠂ ᠤᠷᠤᠰ᠂ ᠢᠷᠠᠨ |
ᠭᠡᠵᠦ ᠨᠢᠭᠡᠳᠦᠭᠰᠡᠨ ᠤᠯᠤᠰ᠂ ᠤᠪᠤᠭ ᠠᠶᠢᠮᠠᠭ ᠦᠨᠡᠨ ᠳᠡᠭᠡᠨ |
ᠭᠠᠵᠠᠷ ᠊ᠤᠨ ᠬᠥᠷᠦᠰᠦᠨ ᠳᠡᠭᠡᠷ ᠊ᠡ᠋ ᠪᠠᠶᠢᠭᠠᠳᠦᠢ᠃ ᠡᠳᠡᠭᠡᠷ ᠤᠯᠤᠰ ᠊ᠢ |
ᠮᠤᠩᠭᠤᠯ ᠊ᠤᠨ ᠡᠵᠡᠨᠲᠦ ᠭᠦᠷᠦᠨ ᠪᠤᠢ ᠪᠤᠯᠭᠠᠵᠤ ᠪᠦᠲᠦᠭᠡᠭᠰᠡᠨ ᠪᠢᠯᠡ᠃ |
ᠴᠥᠭᠡᠨ ᠦᠭᠡᠢ ᠬᠦᠮᠦᠨ ᠮᠤᠩᠭᠤᠯᠴᠤᠳ ᠊ᠤᠨ ᠪᠠᠶᠢᠯᠳᠤᠨ ᠳᠠᠭᠠᠭᠤᠯᠤᠯ ᠊ᠢ |
ᠬᠠᠷᠭᠢᠰ ᠬᠡᠷᠴᠡᠭᠡᠢ ᠡᠵᠡᠯᠡᠨ ᠲᠦᠷᠢᠮᠡᠭᠡᠢᠯᠡᠯ ᠲᠠᠯ ᠊ᠠ᠋ ᠡᠴᠠ ᠨᠢ |
᠊ᠳ᠋ᠦ᠋ᠩᠨᠡᠳᠡᠶ᠋ᠡ᠋ ᠪᠤᠯ ᠶᠠᠭ ᠦᠨᠡᠨ ᠊ᠳᠡᠭᠡᠨ ᠤᠯᠠᠨ ᠢᠯᠭᠠᠲᠠᠢ ᠰᠤᠶᠤᠯ᠂ |
ᠤᠷᠴᠢᠨ᠂ ᠠᠭᠤᠷ ᠠᠮᠢᠰᠬᠤᠯ ᠊ᠢ ᠨᠢᠭᠡᠳᠬᠡᠵᠦ ᠴᠢᠳᠠᠭᠰᠠᠨ |
ᠬᠥᠭᠵᠢᠯ ᠊ᠦᠨ ᠬᠥᠳᠡᠯᠭᠡᠭᠦᠷ ᠪᠤᠯᠵᠤ᠂ ᠤᠯᠤᠰ ᠦᠨᠳᠦᠰᠦᠲᠡᠨ |
ᠨᠦᠭᠦᠳ ᠊ᠦᠨ ᠢᠪᠴᠤᠤ ᠬᠢᠯᠢ ᠬᠢᠵᠠᠭᠠᠷ ᠊ᠢ ᠰᠡᠲᠡ ᠲᠠᠲᠠᠨ᠂ ᠤᠷᠴᠢᠨ |
ᠴᠠᠭ ᠊ᠤᠨ ᠳᠠᠶᠠᠭᠠᠷᠰᠢᠯ᠂ ᠴᠢᠯᠦᠭᠡᠲᠦ ᠪᠠᠶᠢᠳᠠᠯ ᠊ᠤᠨ ᠬᠥᠳᠡᠯᠭᠡᠭᠴᠢ |
ᠬᠦᠴᠦ ᠪᠤᠯᠵᠤ ᠪᠠᠶᠢᠭᠰᠠᠨ ᠶᠤᠮ ᠰᠢᠦ᠃ /ᠾᠷᠢᠰᠲ᠋ᠤᠹᠧᠷ ᠠᠲᠸᠥ᠋ᠥ᠋ᠳ᠋/ |
ᠨᠠᠶᠢᠷᠠᠭᠤᠯᠭ ᠊ᠠ᠋ ᠵᠢᠨ ᠠᠷᠪᠠᠨ ᠡᠷᠳᠡᠮ |
ᠵᠤᠬᠢᠰᠲᠤ ᠠᠶᠠᠯᠭᠤᠨ ᠊ᠤ ᠤᠨᠤᠯ ᠶᠤᠰᠤ ᠪᠠᠷ |
ᠨᠠᠶᠢᠷᠠᠭᠤᠯᠭ ᠊ᠠ᠋ ᠵᠢᠨ ᠠᠷᠪᠠᠨ ᠡᠷᠳᠡᠮ ᠬᠡᠮᠡᠭᠴᠢ ᠨᠢ᠄ |
ᠦᠭᠡ ᠡᠪᠰᠡᠯᠲᠦ ᠨᠠᠶᠢᠷᠠᠯᠲᠤ᠂ |
ᠮᠠᠰᠢ ᠲᠤᠩᠭᠠᠯᠠᠭ᠂ |
ᠲᠡᠭᠰᠢ ᠴᠢᠨᠠᠷᠲᠤ᠂ |
ᠢᠷᠠᠭᠤ ᠰᠤᠨᠤᠰᠬᠤᠯᠠᠩᠲᠤ᠂ |
ᠤᠷᠢ ᠵᠠᠯᠠᠭᠤ᠂ |
ᠤᠳᠬ ᠊ᠠ᠋ ᠲᠤᠳᠤᠷᠬᠠᠢ᠂ |
ᠠᠭᠤᠤ ᠶᠡᠬᠡ᠂ |
ᠰᠦᠷ ᠵᠢᠪᠬᠤᠯᠠᠩᠲᠤ᠂ |
ᠥᠩᠭᠡ ᠦᠵᠡᠰᠬᠦᠯᠡᠩᠲᠦ᠂ |
ᠤᠷᠠᠨ ᠰᠡᠳᠬᠢᠮᠵᠢᠲᠦ |
ᠪᠠᠶᠢᠬᠤ ᠠᠷᠪᠠᠨ ᠵᠠᠷᠴᠢᠮ ᠊ᠢ ᠪᠠᠷᠢᠮᠲᠠᠯᠠᠪᠠᠰᠤ |
ᠨᠠᠶᠢᠷᠠᠭᠤᠯᠭ ᠊ᠠ᠋ ᠰᠠᠢ ᠊ᠠ᠋ ᠲᠡᠭᠦᠰ ᠪᠤᠯᠤᠮᠤᠢ᠃ |