Сайтын цэс
Сайтын үнэлгээ
Цаг агаарын мэдээ
ERDENET ULAANBAATAR
|
С. Дулам "Хүмүүн бичиг"ᠰᠤᠶᠤᠩᠪᠤ ᠶᠢᠨ ᠡᠪᠦᠭᠡ ᠲᠠᠨ ᠢ ᠪᠠᠨ ᠶᠠᠭᠠᠬᠢᠬᠤ ᠪᠤᠢ᠃ ᠰᠤᠶᠤᠯ ᠮᠠᠨᠳᠤᠯ ᠤᠨ ᠪᠤᠭᠤᠷᠤᠯ ᠲᠡᠷᠢᠭᠦᠨ ᠦᠢ ᠡ᠋ ᠪᠤᠯᠭᠠᠨ ᠠᠨᠤ ᠡᠷᠳᠡᠮ ᠦᠨ ᠰᠢᠮᠡᠲᠡᠢ ᠦᠰᠦᠭ ᠪᠤᠯᠭᠠᠨ ᠠᠨᠤ ᠡᠷᠳᠡᠨᠢ ᠶᠢᠨ ᠰᠢᠨᠵᠢᠲᠡᠢ ᠬᠤᠪᠢ ᠵᠠᠶᠠᠭ᠎ᠠ ᠠᠨᠤ ᠤᠭᠲᠤᠬᠠᠨ ᠴᠤ ᠬᠠᠭᠤᠴᠢᠷᠠᠭ᠎ᠠ ᠦᠭᠡᠢ ᠬᠠᠭᠤᠴᠢᠨ ᠭᠡᠳᠡᠭ ᠬᠤᠴᠢ ᠠᠨᠤ ᠯᠠ ᠬᠠᠭᠤᠴᠢᠷᠠᠭᠰᠠᠨ ᠠᠴᠠ ᠬᠤᠯᠤᠰᠤᠨ ᠦᠵᠦᠭ ᠰᠢᠭ᠌ ᠳᠦᠷᠰᠦ ᠨᠢ ᠰᠢᠳᠤᠷᠭᠤ ᠬᠤᠳᠠᠯ ᠬᠡᠯᠡᠳᠡᠭ ᠦᠭᠡᠢ ᠤᠤᠠᠬ ᠠ᠌ ᠠᠨᠤ ᠰᠢᠳᠤᠷᠭᠤ ᠲᠦᠳᠡᠭ ᠪᠤᠯᠤᠭᠰᠠᠨ ᠬᠡᠳᠦᠨ ᠨᠤᠮ ᠮᠢᠨᠢ ᠲᠦᠢᠮᠡᠷ ᠦᠨ ᠡᠮᠦᠨ᠎ᠡ ᠤᠬᠠᠭᠠᠨ ᠨᠢ ᠬᠦᠴᠦ ᠦᠭᠡᠢ ᠲᠦᠢᠷᠡᠨ ᠪᠤᠯᠭᠠᠭᠰᠠᠨ ᠬᠡᠳᠦᠨ ᠬᠦᠮᠦᠨ ᠮᠢᠨᠢ ᠲᠡᠦᠬᠡ ᠪᠡᠨ ᠥᠮᠥᠭᠡᠷᠡᠬᠦ ᠵᠥᠩ ᠰᠤᠪᠢᠨ ᠢ ᠨᠢ ᠥᠷᠭᠡᠰᠦᠲᠦ ᠬᠠᠮᠬᠤᠤᠯ ᠲᠠᠢ ᠥᠩᠬᠦᠷᠢᠵᠦ ᠶᠠᠪᠤᠭᠰᠠᠨ ᠥᠨᠳᠦᠷᠬᠡᠨ ᠵᠢᠯᠠᠭᠠᠨ ᠳᠤ ᠲᠤᠭᠲᠠᠬᠤ ᠰᠠᠨ ᠬᠡᠬᠦ ᠳᠡᠭᠡᠨ ᠥᠯᠦᠩ ᠳᠡᠷᠡᠰᠦᠨ ᠦ ᠤᠩᠭᠢ ᠲᠠᠢ ᠤᠷᠢᠶᠠᠯᠳᠤᠵᠤ ᠥᠯᠥᠭᠡᠢᠢᠲᠡᠢ ᠬᠤᠢᠢᠴᠢ ᠳᠠᠭᠠᠨ ᠵᠤᠯᠭᠠᠬᠤ ᠰᠠᠨ ᠭᠡᠬᠦ ᠳᠡᠭᠡᠨ ᠭᠠᠳᠠᠭ᠎ᠠ ᠬᠥᠳᠡᠭᠡ ᠬᠡᠢᠢᠰᠴᠦ ᠪᠠᠢᠢᠬᠤ ᠳᠠᠭᠠᠨ ᠴᠤ ᠭᠠᠭᠴᠠ ᠬᠤᠶᠠᠷ ᠶᠢᠠᠷ ᠶᠢᠠᠨ ᠦᠯᠡᠳᠡᠭᠰᠡᠨ ᠲᠠᠰᠤᠷᠬᠠᠢ ᠠᠨᠤ ᠭᠠᠷ ᠰᠠᠷᠪᠠᠯᠵᠠᠭᠤᠯᠤᠨ ᠰᠢᠲᠠᠵᠤ ᠪᠠᠢᠢᠬᠤ ᠳᠠᠭᠠᠨ ᠴᠤ ᠭᠠᠯ ᠤᠨ ᠳᠥᠯᠦᠨ ᠳᠦ ᠬᠥᠳᠦᠰᠦ ᠰᠢᠭ᠌ ᠬᠤᠨᠢᠷᠢᠵᠤ ᠳᠤᠷᠤᠳᠠᠵᠤ ᠪᠠᠭᠤᠷᠠᠭᠰᠠᠨ᠂ ᠳᠤᠷᠤᠢᠢᠲᠠᠵᠤ ᠪᠤᠷᠤᠭᠤᠳᠠᠭᠰᠠᠨ ᠳᠤᠯᠤᠭᠠᠨ ᠪᠤᠷᠬᠠᠨ ᠤ ᠳᠤᠮᠤᠭ ᠢ ᠬᠢᠮᠠᠭᠠᠳᠠᠭᠰᠠᠨ ᠳᠠᠭᠠᠨ ᠳᠤᠷᠤᠨ᠎ᠠ ᠶᠢᠨ ᠥᠪ᠋ ᠰᠤᠶᠤᠯ ᠢ ᠬᠠᠳᠠᠭᠠᠯᠠᠭᠰᠠᠨ ᠳᠠᠭᠠᠨ ᠳᠤᠭᠰᠢᠨ ᠡᠪᠦᠭᠡᠳ ᠦᠨ ᠲᠡᠦᠬᠡ ᠬᠠᠢᠢᠯᠠᠭᠰᠠᠨ ᠳᠠᠭᠠᠨ ᠠᠳᠠᠯ ᠵᠠᠶᠠᠭ᠎ᠠ ᠶᠢ ᠠᠮᠰᠠᠭᠰᠠᠨ ᠪᠢᠴᠢᠭ᠌ ᠮᠢᠨᠢ ᠠᠴᠢ ᠦᠷᠡᠰ ᠲᠡᠭᠡᠨ ᠠᠳᠠ ᠦᠵᠡᠭᠳᠡᠬᠦ ᠥᠭᠡᠳᠡ ᠪᠡᠨ ᠤᠷᠤᠭᠤ ᠪᠠᠨ ᠲᠡᠰᠢᠭᠰᠡᠨ ᠪᠢᠴᠢᠭ᠌ ᠮᠢᠨᠢ ᠥᠯᠮᠡᠢ ᠳᠡᠭᠡᠷ ᠡ᠋ ᠪᠡᠨ ᠭᠢᠰᠭᠢᠭ᠌ᠰᠡᠨ ᠬᠦᠮᠦᠨ ᠰᠢᠭ᠌ ᠮᠠᠷᠲᠠᠯ ᠦᠭᠡᠢ ᠢᠷᠡᠭᠰᠡᠨ ᠦ ᠤᠴᠢᠷ ᠶᠠᠭᠤ ᠪᠤᠢ ᠮᠢᠷᠠᠯᠵᠠᠨ ᠥᠩᠭᠡᠷᠡᠬᠦ ᠤᠯᠠᠨ ᠵᠠᠭᠤᠨ ᠶᠢᠠᠷ ᠮᠢᠨᠳᠠᠰᠤᠨ ᠪᠠᠷᠢᠲᠠᠭᠲᠠᠢ ᠨᠤᠮ ᠤᠳ ᠶᠢᠠᠨ ᠶᠠᠭᠠᠬᠢᠬᠤ ᠪᠤᠢ ᠮᠢᠩᠭᠠᠨ ᠨᠠᠰᠤᠲᠠᠢ ᠪᠢᠴᠢᠭ᠌ ᠮᠢᠨᠢ ᠦᠭᠡᠢ ᠪᠤᠯ ᠭᠡᠰᠡᠷ᠂ ᠵᠠᠩᠭᠠᠷ ᠶᠢᠠᠨ ᠶᠠᠭᠤ ᠪᠠᠷ ᠬᠠᠢᠢᠯᠠᠬᠤ ᠪᠤᠢ ᠭᠡᠷᠡᠯᠲᠦ ᠬᠥᠰᠢᠶ ᠡ᠋ ᠪᠡᠨ ᠶᠠᠭᠤ ᠪᠠᠷ ᠰᠡᠢᠢᠯᠬᠦ ᠪᠤᠢ ᠨᠢᠭᠤᠴᠠ ᠲᠤᠪᠴᠶᠢ ᠠ᠌ ᠪᠠᠨ ᠶᠠᠭᠤ ᠪᠠᠷ ᠪᠢᠴᠢᠬᠦ ᠪᠤᠢ ᠨᠤᠮᠤ ᠶᠢᠨ ᠬᠥᠪᠴᠢ ᠰᠢᠭ᠌ ᠪᠢᠴᠢᠭ᠌ ᠮᠢᠨᠢ ᠦᠭᠡᠢ ᠪᠤᠯ ᠶᠡᠷᠦ ᠪᠢᠰᠢ ᠶᠢᠨ ᠬᠤᠪᠢ ᠲᠠᠪᠢᠯᠠᠩᠲᠠᠢ ᠶᠢᠰᠦᠨ ᠡᠷᠳᠡᠨᠢ ᠪᠡᠷ ᠬᠤᠪᠢᠯᠭᠠᠨ ᠭᠡᠷᠡᠯᠲᠦᠭᠰᠡᠨ ᠠᠷᠪᠠᠨ ᠤᠬᠠᠭᠠᠨ ᠤ ᠨᠤᠮ ᠳᠤ ᠪᠤᠲᠢᠯᠠᠵᠤ ᠠᠷᠪᠢᠰ ᠡᠷᠳᠡᠮ ᠦᠨ ᠠᠷᠢᠭᠤᠨ ᠳᠡᠭᠡᠵᠢ ᠶᠢ ᠲᠡᠦᠬᠡ ᠪᠦᠲᠦᠭᠡᠯᠴᠡᠵᠦ ᠶᠠᠪᠤᠭᠰᠠᠨ ᠪᠢᠴᠢᠭ᠌ ᠮᠢᠨᠢ ᠲᠦᠪᠰᠢᠨ ᠮᠡᠷᠭᠡᠳ ᠦᠨ ᠡᠪᠦᠷ ᠲᠤ ᠬᠤᠢᠢᠯᠠᠭᠠᠰᠤᠲᠠᠢ ᠲᠦᠮᠡᠨ ᠭᠠᠵᠠᠷ ᠤᠨ ᠬᠡᠷᠡᠮ ᠡᠴᠡ ᠴᠦ ᠳᠤᠤᠯᠢᠶᠠᠨᠲᠠᠢ ᠲᠥᠷᠦ ᠤᠯᠤᠰ ᠤᠨ ᠶᠢᠡᠨ ᠲᠠᠮᠠᠭᠠᠨ ᠳᠤ ᠰᠡᠢᠢᠯᠦᠭᠡᠰᠦᠲᠡᠢ ᠬᠤᠳᠤᠮ ᠪᠢᠴᠢᠭ᠌ ᠦᠨ ᠶᠢᠡᠨ ᠳᠦᠷᠰᠦ ᠶᠢ ᠦᠭᠡᠢᠢᠯᠡᠳᠡᠭ ᠤᠳᠤᠮ ᠵᠠᠯᠭᠠᠭᠰᠠᠨ ᠨᠤᠲᠤᠭ ᠤᠨ ᠶᠢᠠᠨ ᠬᠠᠮᠢᠭ᠎ᠠ ᠠᠴᠠ ᠴᠤ ᠬᠥᠨᠳᠡᠯᠡᠨ ᠬᠥᠬᠡ ᠠᠭᠤᠯᠠᠰ ᠠᠨᠤ ᠪᠢᠳᠡᠷᠲᠦᠳᠡᠭ ᠬᠥᠯᠭᠡᠨ ᠰᠤᠳᠤᠷ ᠤᠨ ᠮᠡᠷᠭᠡᠨ ᠭᠠᠷᠴᠢᠭ ᠰᠢᠭ ᠬᠠᠯᠵᠠᠨ ᠴᠠᠭᠠᠨ ᠰᠦᠷᠦᠭ ᠮᠢᠨᠢ ᠪᠡᠯᠴᠢᠳᠡᠭ ᠬᠠᠯᠠᠭᠤᠨ ᠬᠤᠰᠢᠭᠤᠲᠤ ᠮᠠᠯ ᠤᠨ ᠳᠠᠩᠰᠠ ᠰᠢᠭ ᠬᠠᠷᠠᠬᠠᠨ ᠪᠢᠷ ᠶᠢᠡᠷ ᠲᠠᠲᠠᠯᠭᠠᠬᠤ ᠰᠢᠭ ᠪᠤᠯᠳᠠᠭ ᠬᠠᠪᠠᠷ ᠤᠨ ᠤᠷᠢ ᠪᠠᠷ ᠴᠠᠰᠤ ᠬᠠᠨᠵᠠᠷᠠᠬᠤ ᠳᠤ ᠬᠠᠶᠠᠯᠭ᠎ᠠ ᠴᠠᠴᠤᠯᠭ᠎ᠠ ᠠᠨᠤ ᠵᠢᠷᠤᠯᠵᠠᠬᠤ ᠰᠢᠭ ᠪᠤᠯᠳᠠᠭ ᠬᠠᠷᠠᠩᠬᠤᠢ ᠰᠥᠨᠢ ᠶᠢᠨ ᠴᠠᠬᠢᠯᠭᠠᠨ ᠴᠠᠬᠢᠬᠤ ᠳᠤ ᠲᠡᠷᠡ ᠴᠢᠭ᠌ ᠶᠢᠡᠷ ᠶᠢᠡᠨ ᠬᠦᠮᠦᠨ ᠊ ᠪᠢᠴᠢᠭ᠌ ᠮᠢᠨᠢ ᠲᠢᠲᠢᠮ᠂ ᠰᠢᠳᠦ᠂ ᠨᠢᠷᠤᠭᠤ᠂ ᠰᠢᠯᠪᠢᠲᠡᠢ ᠮᠤᠩᠭᠤᠯ ᠪᠢᠴᠢᠭ᠌ ᠶᠢᠡᠷ ᠶᠢᠡᠨ ᠪᠢᠴᠢᠳᠡᠭᠰᠡᠨ ᠲᠡᠯᠮᠡᠨ ᠵᠢᠷᠤᠭ᠎ᠠ ᠶᠢᠨ ᠨᠢᠳᠤᠭᠠᠯᠠ ᠮᠤᠷᠢᠨ ᠬᠤᠭᠤᠷ ᠲᠠᠲᠠᠬᠤ ᠮᠡᠲᠦ ᠲᠡᠨᠢᠭᠦᠨ ᠤᠢᠢᠲᠠᠨ ᠬᠤᠶᠠᠷ ᠢ ᠤᠴᠢᠷᠯᠠᠵᠤ ᠨᠠᠮᠢᠷᠠᠭ᠎ᠠ ᠬᠤᠷ ᠠ᠌ ᠤᠷᠤᠬᠤ ᠮᠡᠲᠦ ᠲᠩᠷᠢ ᠭᠠᠵᠠᠷ ᠬᠤᠶᠠᠷ ᠢ ᠤᠴᠠᠷᠠᠭᠤᠯᠵᠤ ᠰᠡ᠂ ᠳᠤᠯᠮ ᠠ᠌ 《ᠬᠦᠮᠦᠨ ᠪᠢᠴᠢᠭ᠌》 HTML Comment Box is loading comments...
|
Хайлт
Яг одоо
Хаанаас, хэд
Цаг тооны бичиг
|