Thursday, 2023-03-30, 3:11 AM
Welcome Guest | RSS

эрдмийн жолоо хэл бичиг

                                                                                                                                                               
Сайтын цэс
Сайтын үнэлгээ
Сайтыг үнэлэх
Total of answers: 588
Цаг агаарын мэдээ ERDENET ULAANBAATAR

До. Болдхуяг "Монгол хэл"

ᠡᠯᠦᠨᠴᠠ ᠵᠢᠨ ᠡᠯᠦᠨᠴᠠ ᠡᠴᠡ ᠲᠤᠭᠤᠷᠪᠢᠭᠰᠠᠨ ᠳᠠᠩᠴᠤ ᠢᠷᠠᠭᠤ ᠮᠤᠩᠭᠤᠯ ᠬᠡᠯᠡ ᠡ᠋    

ᠡᠬᠡ ᠪᠠᠢᠭᠠᠯᠢ ᠵᠢᠨ ᠳᠠᠭᠤᠯᠠᠭᠰᠠᠨ ᠠᠪᠢᠶ ᠊ᠠ᠋ ᠪᠦᠬᠦᠨ ᠊ᠢ ᠰᠤᠨᠤᠷᠳᠠᠵᠤ

ᠡᠯᠡᠰᠦᠨ ᠊ᠦ ᠰᠢᠷᠬᠡᠭ᠌ ᠪᠥᠮᠪᠦᠷᠢᠬᠦ ᠡᠴᠡ ᠠᠶᠤᠩᠬ᠋᠎᠊ᠠ᠋ ᠨᠢᠷᠭᠡᠬᠦ ᠬᠦᠷᠲᠡᠯ ᠊ᠡ᠋

ᠡᠨᠡ ᠳᠥᠷᠪᠡᠨ ᠬᠢᠵᠠᠭᠠᠷ ᠊ᠤᠨ ᠬᠢᠯᠢ ᠳᠡᠭᠡᠰᠦᠨ ᠳᠤᠲᠤᠷ ᠊ᠠ᠋

 

ᠲᠡᠦᠬᠡ ᠱᠠᠰᠲᠢᠷ ᠡᠴᠠ ᠴᠢᠩᠭᠢᠰ ᠊ᠦᠨ ᠪᠠᠭᠠᠲᠤᠷ ᠊ᠤᠳ ᠤᠤᠬᠠᠢᠢᠯᠠᠬᠤ ᠠᠨᠤ ᠮᠢᠨᠦ ᠮᠤᠩᠭᠤᠯ ᠬᠡᠯᠡ ᠶᠤᠮ

ᠲᠦᠷᠢᠮᠡᠭᠡᠢ ᠰᠠᠯᠬᠢᠨ ᠊ᠳᠤ ᠮᠤᠳᠤᠨ ᠊ᠤ ᠤᠷᠤᠢ ᠱᠤᠤᠭᠢᠬᠤ ᠠᠨᠤ ᠴᠡᠷᠢᠭ᠌ ᠡᠷᠡᠰ ᠊ᠦᠨ ᠤᠤᠬᠠᠢ ᠶᠤᠮ

ᠪᠠᠷᠠᠭᠤᠨ ᠴᠢᠬᠢᠨ ᠊ᠳᠦ ᠳᠤᠩ ᠬᠢᠰᠤᠬ᠋ ᠊ᠠ᠋ ᠴᠤᠤᠷᠢᠶᠠᠯᠠᠬᠤ ᠠᠨᠤ ᠤᠢ ᠵᠢᠨ ᠰᠠᠯᠬᠢᠨ ᠊ᠤ ᠱᠤᠤᠭᠢᠶᠠᠨ ᠶᠤᠮ

ᠪᠠᠢᠭᠠᠯ ᠳᠠᠯᠠᠢ ᠳᠡᠯ ᠵᠢᠡᠨ ᠬᠡᠢᠢᠰᠭᠡᠨ ᠳᠠᠪᠠᠯᠭᠠᠯᠠᠬᠤ ᠠᠨᠤ ᠳᠤᠩ ᠬᠢᠰᠤᠭᠠᠨ ᠊ᠤ ᠴᠤᠤᠷᠢᠶ ᠊ᠠ᠋ ᠶᠤᠮ

 

ᠡᠪᠦᠭᠡ ᠳᠡᠭᠡᠳᠦᠰ ᠊ᠦᠨ ᠴᠢᠩᠳᠠᠯᠠᠨ ᠵᠠᠬᠢᠭᠰᠠᠨ ᠭᠡᠷᠢᠶᠡᠰᠦ ᠢᠨᠦ ᠮᠢᠨᠦ ᠮᠤᠩᠭᠤᠯ ᠬᠡᠯᠡ ᠶᠤᠮ

ᠥᠳᠦ ᠢᠨᠦ ᠪᠤᠭᠤᠷᠤᠯᠲᠤᠭᠰᠠᠨ ᠪᠦᠷᠭᠦᠳ ᠰᠢᠪᠠᠭᠤ ᠪᠥᠭᠡᠷᠡᠬᠦ ᠢᠨᠦ ᠡᠴᠢᠭᠡ ᠵᠢᠨ ᠠᠯᠲᠠᠨ ᠭᠡᠷᠢᠶᠡᠰᠦ ᠶᠤᠮ

ᠡᠯᠢᠭᠡ ᠲᠡᠮᠲᠡᠷᠢᠬᠦ ᠡᠩᠭᠡᠷ ᠵᠠᠳᠠᠭᠠᠢ ᠬᠥᠭᠡᠮᠡᠢ ᠢᠨᠦ ᠡᠪᠦᠭᠡᠨ ᠪᠦᠷᠭᠦᠳ ᠊ᠦᠨ ᠳᠠᠭᠤᠳᠠᠯᠬ᠋ ᠊ᠠ᠋ ᠶᠤᠮ

ᠡᠷᠴᠢᠰ ᠮᠥᠷᠡᠨ ᠪᠤᠳᠤᠯ ᠪᠤᠯᠤᠨ ᠤᠷᠤᠰᠬᠤ ᠠᠨᠤ ᠬᠥᠭᠡᠮᠡᠢ ᠵᠢᠨ ᠵᠠᠳᠠᠭᠠᠢ ᠠᠶᠠᠯᠭᠤ ᠶᠤᠮ

 

ᠲᠦᠭᠳᠡᠴᠢᠨ ᠪᠠᠢᠵᠤ ᠰᠡᠳᠬᠢᠯ ᠵᠢᠡᠨ ᠢᠯᠡᠴᠢᠯᠡᠬᠦ ᠢᠨᠦ ᠮᠢᠨᠦ ᠮᠤᠩᠭᠤᠯ ᠬᠡᠯᠡ ᠶᠤᠮ

ᠲᠥᠪᠦᠩᠬᠢ ᠠᠷᠭᠠᠭᠠᠵᠤ ᠠᠮᠠᠷᠠᠭ ᠱᠠᠨᠵᠠ ᠴᠤᠷᠬᠢᠷᠠᠬᠤ ᠠᠨᠤ ᠰᠡᠳᠬᠢᠯ ᠵᠢᠡᠨ ᠢᠯᠡᠴᠢᠯᠡᠭᠰᠡᠨ ᠦᠭᠡ ᠶᠤᠮ

ᠬᠡᠭᠡᠷ ᠊ᠡ᠋ ᠲᠠᠯ ᠊ᠠ᠋ ᠊ᠳᠤ ᠠᠭᠠᠳᠠᠷ ᠱᠠᠭᠢᠨ ᠤᠷᠤᠬᠤ ᠠᠨᠤ ᠠᠮᠠᠷᠠᠭ ᠱᠠᠨᠵᠠ ᠵᠢᠨ ᠠᠶᠠᠯᠭᠤ ᠶᠤᠮ

ᠬᠡᠷᠡᠮ ᠊ᠤᠨ ᠴᠠᠭᠠᠨ᠋. ᠊ᠠ᠋ ᠡᠴᠠ ᠠᠳᠤᠭᠤ ᠨᠤᠲᠤᠭ ᠊ᠠ᠋ ᠭᠦᠶᠦᠬᠦ ᠢᠨᠦ ᠠᠭᠠᠳᠠᠷ ᠪᠤᠷᠤᠭᠠᠨ ᠊ᠤ ᠲᠤᠪᠰᠢᠶ ᠊ᠠ᠋ ᠶᠤᠮ

 

ᠡᠬᠡ ᠡᠴᠡ ᠲᠥᠷᠦᠭᠡᠳ ᠲᠡᠩᠬᠡᠭᠡ ᠮᠡᠳᠡᠨ ᠴᠢᠷᠠᠯᠠᠬᠤ ᠠᠨᠤ ᠮᠢᠨᠦ ᠮᠤᠩᠭᠤᠯ ᠬᠡᠯᠡ ᠶᠤᠮ ᠊ᠠ᠋

ᠡᠷᠲᠡᠨ ᠊ᠦ ᠨᠤᠲᠤᠭ ᠲᠤ ᠥᠨᠳᠦᠷ ᠊ᠦᠨ ᠰᠠᠯᠬᠢ ᠬᠦᠭᠢᠬᠦ ᠨᠢ ᠠᠮᠤᠷᠵᠢᠬᠤ ᠡᠬᠡ ᠵᠢᠨ ᠳᠤᠩᠰᠢᠯ ᠶᠤᠮ

ᠬᠠᠭᠠᠴᠠᠯ ᠊ᠤᠨ ᠭᠤᠨᠢᠭ ᠊ᠢ ᠤᠷᠲᠤ ᠵᠢᠨ ᠳᠠᠭᠤᠤ ᠪᠠᠷ ᠠᠷᠭᠠᠳᠠᠬᠤ ᠠᠨᠤ ᠥᠨᠳᠦᠷ ᠭᠠᠵᠠᠷ ᠊ᠤᠨ ᠰᠠᠯᠬᠢ ᠶᠤᠮ

ᠬᠢᠩᠭᠠᠨ ᠊ᠤ ᠨᠢᠷᠤᠭᠤᠨ ᠊ᠳᠤ ᠠᠵᠢᠷᠭᠠᠨ ᠴᠢᠨᠤ ᠊ᠠ᠋ ᠤᠯᠢᠬᠤ ᠠᠨᠤ ᠤᠷᠲᠤ ᠵᠢᠨ ᠳᠠᠭᠤᠨ ᠊ᠤ ᠰᠢᠷᠤᠩᠬᠠᠢ ᠶᠤᠮ

ᠳᠤ‍᠂ ᠪᠤᠯᠤᠳᠬᠤᠶᠠᠭ 《ᠮᠤᠩᠭᠤᠯ ᠬᠡᠯᠡ》

HTML Comment Box is loading comments...
Хайлт

Яг одоо
Хаанаас, хэд
Flag Counter
Цаг тооны бичиг
       

Холбоо барих: amanbai631102@gmail.com