Сайтын цэс
Сайтын үнэлгээ
Цаг агаарын мэдээ
ERDENET ULAANBAATAR
|
Д. Урианхай "Монгол хэл"ᠮᠤᠬᠤᠬᠤ᠂ ᠮᠥᠬᠦᠬᠦ ᠵᠢᠨ ᠬᠠᠯᠠᠭ ᠦᠯᠦ ᠬᠠᠯᠳᠠᠬᠤ ᠰᠦᠯᠳᠡ ᠤᠷᠤᠰᠢᠭᠰᠠᠨ ᠮᠥᠩᠬᠡ ᠮᠤᠩᠭᠤᠯ ᠬᠡᠯᠡ ᠮᠢᠨᠢ ᠮᠤᠷᠢᠲᠠᠨ ᠮᠡᠷᠭᠡᠳ ᠦᠨ ᠰᠤᠤ ᠰᠠᠬᠢᠭᠰᠠᠨ ᠡᠷᠳᠡᠮ ᠲᠡᠭᠦᠰ ᠡᠩᠬᠦᠷᠡᠢ ᠡᠬᠡ ᠬᠡᠯᠡ ᠮᠢᠨᠢ ᠠᠷᠭᠠᠮᠠᠭ ᠤᠨ ᠬᠤᠷᠳᠤ ᠪᠠᠷ ᠰᠢᠨᠳᠠᠰᠤ ᠬᠤᠪᠢᠶᠠᠯᠴᠠᠭᠰᠠᠨ ᠮᠤᠩᠭᠤᠯ ᠬᠡᠯᠡ ᠮᠢᠨᠢ ᠠᠮᠢᠳᠤᠷᠠᠯ ᠤᠨ ᠰᠡᠭᠦᠳᠡᠷ ᠪᠤᠭᠤᠨᠢᠰᠬᠠᠬᠤ ᠠᠳᠬᠠᠤ ᠰᠢᠪᠳᠠᠭᠤ ᠠᠷᠰᠠᠯᠳᠤᠭᠠᠨ ᠳᠤ ᠦᠷᠡᠲᠡᠢ ᠵᠢᠮᠢᠰᠲᠡᠢ ᠬᠤᠷᠸ᠎ᠠ ᠵᠢᠨ ᠵᠥᠪ᠋ ᠲᠦ ᠦᠨᠳᠦᠰᠦ ᠡᠯᠪᠡᠯᠴᠡᠵᠦ ᠦᠭᠡᠲᠡᠢ ᠶᠠᠷᠢᠶᠠᠲᠠᠢ ᠬᠤᠷᠸ᠎ᠠ ᠵᠢᠨ ᠦᠨᠡᠨ ᠳᠦ ᠥᠭᠦᠯᠡᠪᠦᠷᠢ ᠢᠪᠡᠯᠴᠡᠵᠦ ᠲ᠋ᠧᠩᠯᠦ ᠲ᠋ᠧᠩᠯᠦ ᠭᠡᠷᠡᠯ ᠵᠢᠡᠨ ᠴᠢᠳᠬᠤᠭᠰᠠᠨ ᠮᠤᠩᠭᠤᠯ ᠬᠡᠯᠡ ᠮᠢᠨᠢ ᠳᠡᠯᠡᠬᠡᠢ ᠵᠢ ᠭᠡᠢᠢᠭᠦᠯᠦᠭᠰᠡᠨ ᠡᠭᠡᠰᠢᠭ᠌ ᠨᠠᠢᠢᠷᠠᠭ ᠤᠨ ᠨᠠᠷᠠᠨ ᠳᠤ ᠥᠨᠦ ᠬᠤᠢᠢᠴᠢ ᠵᠢᠨ ᠲᠡᠦᠬᠡ ᠠᠷᠢᠭᠤᠰᠬᠠᠬᠤ ᠳᠤ ᠤᠨ ᠵᠢᠯ ᠨᠡᠮᠡᠵᠦ ᠥᠭᠡᠳᠡ ᠪᠡᠨ ᠵᠠᠶᠠᠭᠠᠨ ᠤ ᠬᠤᠭᠠᠴᠠᠭᠠ ᠤᠷᠲᠤᠰᠬᠠᠬᠤ ᠳᠤ ᠬᠤᠨᠤᠭ ᠨᠡᠮᠡᠵᠦ ᠤᠨᠳᠤᠷᠭ᠎ᠠ ᠵᠢ ᠠᠨᠤ ᠳᠡᠪᠢᠯᠡᠬᠦ ᠳᠦ ᠮᠥᠷᠡᠨ ᠪᠤᠯᠤᠭᠰᠠᠨ ᠮᠤᠩᠭᠤᠯ ᠬᠡᠯᠡ ᠮᠢᠨᠢ ᠠᠤᠭᠯᠠ ᠵᠢ ᠠᠨᠤ ᠥᠨᠳᠦᠷᠯᠡᠬᠦ ᠳᠦ ᠠᠭᠤᠯᠠ ᠪᠤᠯᠤᠭᠰᠠᠨ ᠮᠤᠩᠭᠤᠯ ᠬᠡᠯᠡ ᠮᠢᠨᠢ ᠤᠴᠢᠭ ᠭᠦᠨ ᠶᠢᠷᠦᠭᠡᠯ ᠵᠢᠡᠷ ᠪᠢᠯᠢᠭ᠌ ᠵᠤᠬᠢᠷᠠᠵᠤ ᠤᠲ᠌ᠬ ᠠ᠌ ᠴᠢᠨᠠᠳᠤ ᠤᠷᠠᠨ ᠨᠠᠢᠢᠷᠠᠭ ᠲᠤ ᠳᠠ᠂ ᠤᠷᠢᠶᠠᠩᠬᠠᠢ 《ᠮᠤᠩᠭᠤᠯ ᠬᠡᠯᠡ》 HTML Comment Box is loading comments...
|
Хайлт
Яг одоо
Хаанаас, хэд
Цаг тооны бичиг
|