Tuesday, 2024-03-19, 5:18 PM
Welcome Guest | RSS

эрдмийн жолоо хэл бичиг

                                                                                                                                                               
Сайтын цэс
Сайтын үнэлгээ
Сайтыг үнэлэх
Total of answers: 610
Цаг агаарын мэдээ

 

ERDENET ULAANBAATAR

Уран зохиолын хуудас

ᠪᠡ‍᠂ ᠢᠪᠠᠤᠬᠤᠯᠠᠨ ᠌᠌ᠪᠢ ᠬᠠᠮᠢᠭ᠍ ᠊᠎‍ᠠ᠋ ᠲᠥᠷᠦᠭᠡ ᠪᠤᠢ ᠬᠥᠬᠡ ᠮᠠᠩᠬᠠᠨ ᠲᠩᠷᠢ ᠵᠢ ᠡᠵᠡᠩᠨᠡᠩᠬᠡᠨ ᠲᠥᠷᠥᠯ ᠊ᠡ᠋ ᠪᠢ᠃ ᠬᠥᠮᠦᠰᠬᠡᠨ ᠰᠠᠷᠠᠨ ᠊ᠤ ᠠᠶᠠᠯᠠᠬᠤ ᠠᠯᠤᠰ ᠊ᠤᠨ ᠠᠯᠤᠰ ᠲᠣᠭᠣᠷᠢᠭ ᠲᠤ᠂ ᠬᠣᠯᠠ ᠵᠢᠨ ᠬᠣᠶᠠᠷ ᠣᠳᠣᠨ ᠊ᠤ ᠲᠣᠬᠢᠶᠠᠬᠤ ᠪᠢᠴᠢᠬᠠᠨ ᠴᠢᠯᠦᠭᠡᠨ ᠊ᠳᠦ᠂ ᠬᠣᠶᠠᠷ ᠨᠢᠳᠦᠨ ᠊ᠦ ᠦᠵᠦᠭᠦᠷ ᠲᠦ ᠴᠡᠩᠬᠡᠷᠯᠡᠬᠦ ᠲᠡᠳᠦᠢ ᠲᠡᠷᠲᠡᠭᠡ ᠊ᠳᠦ ᠬᠥᠬᠡ ᠮᠠᠩᠬᠠᠨ ᠲᠩᠷᠢ ᠵᠢ ᠡᠵᠡᠩᠨᠡᠩᠬᠡᠨ ᠲᠥᠷᠥᠯ ᠊ᠡ᠋ ᠪᠢ᠃ ᠴᠠᠰᠤᠲᠤ ᠴᠠᠭᠠᠨ ᠠᠭᠤᠯᠠ ᠵᠢ ᠡᠵᠡᠩᠨᠡᠩᠬᠡᠨ ᠲᠥᠷᠥᠯ ᠊ᠡ᠋ ᠪᠢ᠃ ᠴᠠᠩ ᠬᠡᠦᠷᠡᠭ ᠰᠠᠪᠰᠠᠵᠤ ᠡᠭᠦᠯᠡᠰ ᠣᠷᠢᠶᠠᠬᠤ ᠣᠷᠭᠢᠯ ᠊ᠳᠤ᠂ ᠴᠠᠰᠤᠨ ᠰᠢᠷᠬᠡᠭ ᠴᠠᠷᠴᠠᠵᠤ ᠮᠥᠰᠥ ᠪᠣᠯᠬᠤ ᠬᠠᠯᠢᠯ ᠊ᠳᠤ᠂ ᠴᠠᠷᠭᠢᠶ ᠊ᠠ᠋ ᠬᠦᠢᠲᠡᠨ ᠡᠪᠦᠯ ᠰᠠᠷᠯᠤᠭ ᠊ᠤᠨ ᠪᠤᠬ ᠊ᠠ᠋ ᠳᠣᠰᠢᠭᠰᠠᠨ ᠴᠠᠰᠤᠲᠤ ᠴᠠᠭᠠᠨ ᠠᠭᠤᠯᠠ ᠵᠢ ᠡᠵᠡᠩᠨᠡᠩᠬᠡᠨ ᠲᠥᠷᠥᠯ ᠊ᠡ᠋ ᠪᠢ᠃ ᠣᠩᠭᠣᠨ ᠴᠡᠩᠬᠡᠷ ᠲᠠᠯ᠎ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠣᠷᠣᠭ ᠰᠠᠷᠠᠯ ᠵᠡᠷᠭᠡᠯᠭᠡ ᠬᠠᠪᠤᠷ ᠰᠦᠮᠡᠯᠵᠡᠬᠦ ᠬᠥᠨᠳᠡᠢ ᠊ᠳᠦ᠂ ᠣᠷᠣᠭᠰᠠᠨ ᠪᠤᠤᠷ᠎ ᠊ᠠ᠋ ᠵᠢᠨ ᠰᠢᠳᠦ ᠡᠪᠦᠯ ᠬᠠᠩᠬᠢᠨᠠᠬᠤ ᠬᠣᠭᠣᠯᠠᠢ ᠊ᠳᠤ ᠦᠯᠦᠭ ᠭᠦᠷᠪᠡᠯ ᠊ᠦᠨ ᠮᠥᠷ ᠊ᠢ ᠡᠳᠦᠢ ᠬᠦᠷᠲᠡᠯ᠎᠊ᠡ᠋ ᠬᠠᠳᠠᠭᠠᠯᠠᠭᠰᠠᠨ ᠣᠩᠭᠣᠨ ᠴᠡᠩᠬᠡᠷ ᠲᠠᠯ᠎ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠮᠥᠷᠡᠨ ᠭᠣᠣᠯ ᠊ᠤᠨ ᠤᠰᠤ ᠵᠢ ᠡᠵᠡᠩᠨᠡᠩᠬᠡᠨ ᠲᠥᠷᠥᠯ ᠊ᠡ᠋ ᠪᠢ᠃ ᠮᠥᠩᠭᠥᠨ ᠰᠠᠷᠠᠨ ᠊ᠤ ᠰᠡᠭᠦᠳᠡᠷ ᠲᠣᠯᠢᠶᠠᠷᠠᠨ ᠬᠥᠪᠬᠦ ᠳᠣᠯᠭᠢᠶᠠᠨ ᠊ᠳᠤ᠂ ᠮᠢᠨᠦ ᠡᠪᠦᠭᠡ ᠳᠡᠭᠡᠳᠦᠰ ᠊ᠦᠨ ᠮᠣᠷᠢᠨ ᠊ᠤ ᠲᠤᠭᠤᠷᠠᠢ ᠊ᠳᠤ ᠨᠠᠭᠠᠯᠳᠤᠭᠰᠠᠨ ᠬᠦᠮᠦᠨ ᠊ᠦ ᠨᠤᠲᠤᠭ ᠊ᠤᠨ ᠰᠢᠷᠣᠢ ᠵᠢ ᠠᠷᠢᠭᠤᠨ ᠤᠰᠤ ᠪᠠᠷ ᠵᠢᠠᠨ ᠤᠭᠢᠶᠠᠭᠰᠠᠨ ᠮᠥᠷᠡᠨ ᠭᠣᠣᠯ ᠊ᠤᠨ ᠤᠰᠤ ᠵᠢ ᠡᠵᠡᠩᠨᠡᠩᠬᠡᠨ ᠲᠥᠷᠥᠯ ᠊ᠡ᠋ ᠪᠢ᠃ ᠦᠨᠦᠷ ᠢᠯᠳ᠋ᠠᠮ ᠠᠭᠢ ᠭᠠᠩᠭ᠍᠎ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠦᠷ᠎ ᠰᠥᠨᠢ ᠵᠢᠨ ᠵᠠᠪᠰᠠᠷ ᠰᠢᠭᠦᠳᠡᠷᠢ ᠪᠠᠭᠤᠬᠤ ᠨᠠᠪᠴᠢᠨ ᠊ᠳᠤ᠂ ᠦᠷᠡᠯ ᠤᠰᠤᠨ ᠰᠢᠭᠦᠳᠡᠷᠢ ᠊ᠳᠦ ᠨᠢ ᠣᠳᠣᠳ ᠭᠢᠯᠠᠯᠵᠠᠬᠤ ᠳᠡᠯᠪᠡᠭᠡᠨ ᠊ᠳᠦ᠂ ᠦᠬᠦᠯ ᠦᠭᠡᠢ ᠮᠥᠩᠬᠡ ᠵᠢᠨ ᠪᠡᠯᠭᠡᠳᠡᠯ ᠴᠠᠭᠠᠨ ᠠᠭᠤᠯᠠ ᠴᠡᠴᠡᠭᠡᠨ ᠊ᠳᠦ ᠦᠨᠦᠷ ᠢᠯᠳ᠋ᠠᠮ ᠠᠭᠢ ᠭᠠᠩᠭ᠍᠎ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠵᠡᠭᠦᠷᠮᠡᠭᠯᠡᠭᠴᠢ ᠬᠤᠨ ᠰᠢᠭ᠋ ᠭᠡᠷ ᠊ᠢ ᠡᠵᠡᠩᠨᠡᠩᠬᠡᠨ ᠲᠥᠷᠥᠯ ᠊ᠡ᠋ ᠪᠢ᠃ ᠵᠦᠢᠳᠡᠯ ᠦᠭᠡᠢ ᠴᠠᠭᠠᠨ ᠡᠷᠦᠬᠡᠨ ᠊ᠦ ᠬᠣᠶᠢᠮᠣᠰᠤᠯᠠᠵᠤ ᠲᠣᠮᠣᠭᠰᠠᠨ ᠣᠭᠣᠰᠣᠷ ᠊ᠲᠤ᠂ ᠵᠢᠷᠦᠬᠡᠨ ᠤᠯᠠᠭᠠᠨ ᠭᠠᠯ ᠲᠠᠢ ᠭᠠᠩ ᠲᠤᠯᠭ᠎ ᠊ᠠ᠋ ᠵᠢᠨ ᠲᠣᠲᠣᠭᠣᠨ ᠊ᠳᠤ᠂ ᠵᠠᠭᠤᠨ ᠲᠦᠮᠡᠨ ᠦᠶ᠎ ᠊ᠡ᠋ ᠊ᠳᠦ ᠮᠣᠩᠭᠣᠯ ᠬᠦᠮᠦᠨ ᠊ᠦ ᠢᠳᠡᠭᠡᠰᠢᠭᠰᠡᠨ ᠵᠡᠭᠦᠷᠮᠡᠭᠯᠡᠭᠴᠢ ᠬᠤᠨ ᠰᠢᠭ᠋ ᠭᠡᠷ ᠊ᠢ ᠡᠵᠡᠩᠨᠡᠩᠬᠡᠨ ᠲᠥᠷᠥᠯ ᠊ᠡ᠋ ᠪᠢ᠃ ᠰᠠᠶᠢᠬᠠᠨ ᠪᠦᠰᠡᠭᠦᠢ ᠵᠢᠨ ᠰᠡᠳᠬᠢᠯ ᠊ᠢ ᠡᠵᠡᠩᠨᠡᠩᠬᠡᠨ ᠲᠥᠷᠥᠯ ᠊ᠡ᠋ ᠪᠢ᠃ ᠰᠣᠷᠮᠣᠰᠤᠨ ᠳᠤᠮᠳᠠ ᠪᠠᠨ ᠲᠠᠯᠮᠢᠶᠠᠷᠠᠬᠤ ᠠᠯᠠᠭ ᠨᠢᠳᠦᠨ ᠊ᠦ ᠮᠡᠯ᠊ᠮᠡᠷᠡᠭᠡᠨ ᠊ᠳᠦ᠂ ᠰᠠᠭᠠᠯᠢ ᠵᠢᠨ ᠦᠨᠦᠷ ᠬᠠᠩᠬᠤᠯᠤᠭᠰᠠᠨ ᠳᠡᠪᠡᠯ ᠊ᠦᠨ ᠬᠣᠷᠮᠣᠢ ᠵᠢᠨ ᠨᠤᠭᠤᠯᠤᠭᠠᠰᠤᠨ ᠊ᠳᠤ᠂ ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ ᠊ᠳᠤ᠂ ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ ᠊ᠳᠤ᠂ ᠰᠠᠶᠢᠬᠠᠨ ᠪᠦᠰᠡᠭᠦᠢ ᠵᠢᠨ ᠰᠡᠳᠬᠢᠯ ᠊ᠢ ᠡᠵᠡᠩᠨᠡᠩᠬᠡᠨ ᠲᠥᠷᠥᠯ ᠊ᠡ᠋ ᠪᠢ᠃ ᠲᠡᠩᠬᠡᠭᠡᠲᠦ ᠬᠦᠯᠦᠭ ᠊ᠦᠨ ᠳᠥᠷᠥᠭᠡ ᠵᠢ ᠡᠵᠡᠩᠨᠡᠩᠬᠡᠨ ᠲᠥᠷᠥᠯ ᠊ᠡ᠋ ᠪᠢ᠃ ᠲᠡᠯᠡᠮᠡᠨ ᠵᠢᠷᠤᠭ᠍᠎ ᠊ᠠ᠋ ᠮᠣᠷᠢᠨ ᠊ᠤ ᠱᠠᠩᠬᠤᠨ ᠊ᠤ ᠦᠵᠦᠭᠦᠷ ᠊ᠦᠨ ᠴᠡᠴᠡᠷᠡᠭᠡᠨ ᠊ᠳᠦ᠂ ᠲᠩᠷᠢ ᠵᠢᠨ ᠰᠠᠯᠬᠢᠨ ᠡᠴᠠ ᠪᠤᠰᠤᠳ ᠊ᠢ ᠳᠡᠭᠡᠷ᠎ ᠊ᠡ᠋ ᠪᠡᠨ ᠭᠠᠷᠭᠠᠵᠤ ᠦᠵᠡᠭᠡ ᠦᠭᠡᠢ ᠲᠡᠨᠢᠭᠡᠷ ᠭᠣᠪᠢ ᠵᠢᠨ ᠰᠦᠷᠦᠭ ᠣᠩᠭᠣᠨ ᠬᠤᠯᠠᠨ ᠊ᠤ ᠨᠢᠷᠤᠭᠤᠨ ᠊ᠳᠤ ᠲᠡᠩᠬᠡᠭᠡᠲᠦ ᠬᠦᠯᠦᠭ ᠊ᠦᠨ ᠳᠥᠷᠥᠭᠡ ᠵᠢ ᠡᠵᠡᠩᠨᠡᠩᠬᠡᠨ ᠲᠥᠷᠥᠯ ᠊ᠡ᠋ ᠪᠢ᠃ ᠠᠭᠠᠳᠠᠷ ᠬᠤᠷ᠎ ᠊ᠠ᠋ ᠪᠣᠷᠣᠬ᠋ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠠᠮᠤᠭᠤᠯᠠᠩ ᠲᠩᠷᠢ ᠵᠢ ᠴᠣᠴᠢᠭᠠᠬᠤ ᠠᠶᠤᠩᠭ᠍ ᠊ᠠ᠋ ᠵᠢᠨ ᠳᠣᠭᠰᠢᠨ ᠭᠢᠯᠪᠠᠭᠠᠨ ᠊ᠳᠤ᠂ ᠠᠷᠢᠭᠤᠨ ᠠᠭᠠᠷ ᠲᠤ ᠰᠢᠭᠦᠷᠯᠡᠬᠦ ᠮᠥᠨᠳᠥᠷ ᠊ᠦᠨ ᠴᠠᠭᠠᠨ ᠰᠢᠷᠬᠡᠭ ᠲᠦ᠂ ᠠᠯᠲᠠᠨ ᠲᠠᠯ᠎ ᠊ᠠ᠋ ᠊ᠳᠤ ᠲᠠᠲᠠᠬᠤ ᠰᠣᠯᠣᠩᠭ᠍᠎ ᠊ᠠ᠋ ᠵᠢᠨ ᠳᠣᠯᠣᠭᠠᠨ ᠥᠩᠭᠡᠨ ᠊ᠳᠦ ᠠᠭᠠᠳᠠᠷ ᠬᠤᠷ᠎ ᠊ᠠ᠋ ᠪᠣᠷᠣᠬ᠋ ᠊ᠠ᠋ ᠵᠢ ᠡᠵᠡᠩᠨᠡᠩᠬᠡᠨ ᠲᠥᠷᠥᠯ ᠊ᠡ᠋ ᠪᠢ᠃ ᠴᠡᠭᠡᠯᠬᠡᠨ ᠳᠠᠭᠤᠨ ᠡᠭᠡᠰᠢᠭ ᠊ᠢ ᠡᠵᠡᠩᠨᠡᠩᠬᠡᠨ ᠲᠥᠷᠥᠯ ᠊ᠡ᠋ ᠪᠢ᠃ ᠴᠡᠩᠬᠡᠷ ᠬᠠᠳᠠᠭ ᠳᠡᠭᠡᠷᠡᠬᠢ ᠮᠥᠩᠭᠥᠨ ᠠᠶᠠᠬ᠋᠎ ᠎᠊ᠠ᠋ ᠲᠠᠢ ᠰᠠᠷᠬᠤᠳ ᠲᠤ᠂ ᠴᠡᠭᠡᠯ ᠰᠠᠶᠢᠬᠠᠨ ᠡᠭᠡᠰᠢᠭᠲᠡᠢ ᠤᠷᠲᠤ ᠵᠢᠨ ᠳᠠᠭᠤᠨ ᠊ᠤ ᠠᠶᠠᠨ ᠊ᠳᠤ᠂ ᠴᠡᠩᠭᠡᠬᠦ ᠵᠣᠪᠠᠬᠤ ᠬᠣᠣᠰᠯᠠᠭᠰᠠᠨ ᠬᠦᠮᠦᠨ ᠊ᠦ ᠬᠤᠪᠢ ᠵᠠᠶᠠᠭᠠᠨ ᠊ᠳᠤ ᠴᠡᠭᠡᠯᠬᠡᠨ ᠳᠠᠭᠤᠨ ᠡᠭᠡᠰᠢᠭ ᠊ᠢ ᠡᠵᠡᠩᠨᠡᠩᠬᠡᠨ ᠲᠥᠷᠥᠯ ᠊ᠡ᠋ ᠪᠢ᠃ ᠠᠪᠬᠠᠯᠵᠢᠲᠤ ᠬᠦᠮᠦᠨ ᠊ᠦ ᠪᠡᠶ᠎ᠡ ᠵᠢ ᠡᠵᠡᠩᠨᠡᠩᠬᠡᠨ ᠲᠥᠷᠥᠯ ᠊ᠡ᠋ ᠪᠢ᠃ ᠠᠮᠢ ᠨᠢᠭᠡᠲᠡᠢ ᠣᠯᠠᠨ ᠊ᠤ ᠪᠠᠨ ᠮᠣᠩᠭᠣᠯ ᠵᠢᠠᠨ ᠭᠡᠰᠡᠨ ᠰᠡᠳᠬᠢᠯ ᠊ᠳᠦ᠂ ᠦᠷ ᠊ᠦᠨ ᠲᠠᠪᠤᠨ ᠵᠢᠩ ᠵᠢᠡᠷ ᠬᠥᠳᠡᠷ ᠨᠡᠬᠡᠨ ᠤᠯᠠᠯᠵᠠᠬᠤ ᠦᠢᠯᠡᠳᠪᠦᠷᠢ ᠵᠢᠨ ᠥᠨᠳᠥᠷ ᠶᠠᠨᠳᠠᠩ ᠊ᠤᠨ ᠬᠡᠯᠡᠨ ᠤᠯᠠᠭᠠᠨ ᠭᠠᠯ ᠊ᠳᠤ ᠠᠪᠬᠠᠯᠵᠢᠲᠤ ᠬᠦᠮᠦᠨ ᠊ᠦ ᠪᠡᠶ᠎ᠡ ᠵᠢ ᠡᠵᠡᠩᠨᠡᠩᠬᠡᠨ ᠲᠥᠷᠥᠯ ᠊ᠡ᠋ ᠪᠢ᠃ ᠬᠥᠬᠡ ᠲᠩᠷᠢ ᠵᠢᠨ ᠣᠷᠣᠨ ᠊ᠢ ᠡᠵᠡᠩᠨᠡᠩᠬᠡᠨ ᠲᠥᠷᠥᠯ ᠊ᠡ᠋ ᠪᠢ᠃ ᠬᠥᠬᠡ ᠮᠣᠩᠭᠣᠯ ᠠᠯᠳᠠᠷᠰᠢᠭᠰᠠᠨ ᠊ᠤ ᠦᠶ᠎ᠡ ᠳᠠᠮᠵᠢᠭᠰᠠᠨ ᠳᠣᠮᠣᠭ ᠲᠤ᠂ ᠬᠦᠴᠦᠷᠬᠡᠭ ᠳᠡᠭᠡᠳᠦᠰ ᠊ᠦᠨ ᠨᠤᠲᠤᠭ ᠲᠤ ᠮᠠᠨᠳᠤᠭᠰᠠᠨ ᠬᠤᠪᠢᠰᠬᠠᠯ ᠊ᠤᠨ ᠳᠥᠯᠦᠨ ᠊ᠳᠦ᠂ ᠬᠥᠷᠥᠰᠥᠳᠦ ᠠᠯᠲᠠᠨ ᠳᠡᠯᠡᠬᠡᠢ ᠵᠢᠨ ᠦᠷᠴᠢᠯᠡᠭᠡᠲᠦ ᠮᠠᠩᠨᠠᠢ ᠪᠣᠯᠤᠭᠰᠠᠨ ᠬᠥᠬᠡ ᠲᠩᠷᠢ ᠵᠢᠨ ᠣᠷᠣᠨ ᠊ᠢ ᠡᠵᠡᠩᠨᠡᠩᠬᠡᠨ ᠲᠥᠷᠥᠯ ᠊ᠡ᠋ ᠪᠢ᠃

 

Хайлт

Яг одоо
Хаанаас, хэд
Flag Counter
Цаг тооны бичиг
       
free counters

Холбоо барих: amanbai631102@gmail.com