Monday, 2021-05-17, 11:36 AM
Welcome Guest | RSS

эрдмийн жолоо хэл бичиг

                                                                                                                                                               
Сайтын цэс
Сайтын үнэлгээ
Сайтыг үнэлэх
Total of answers: 546
Цаг агаарын мэдээ ERDENET ULAANBAATAR

Бичвэр

ᠰᠤᠳᠤ ᠶᠡᠬᠡ ᠪᠢᠯᠢᠭ᠋᠌ᠲᠤ ᠲᠦᠮᠡᠨ ᠶᠤᠭᠡᠨ ᠪᠢᠰᠢᠷᠡᠨ ᠮᠠᠭᠲᠠᠮᠤ ᠪᠢ

ᠰᠤᠨᠤᠰᠬᠤ ᠪᠦᠷᠢ ᠢᠷᠠᠭᠤ ᠪᠠᠶᠠᠯᠢᠭ ᠢ ᠭᠠᠢᠢᠬᠠᠨ ᠪᠠᠶᠠᠰᠴᠤ

ᠴᠢᠩ ᠵᠤᠷᠢᠭᠲᠤ ᠡᠪᠦᠭᠡᠳ ᠳᠡᠭᠡᠳᠦᠰ ᠦᠨ ᠮᠢᠨᠢ ᠥᠪ ᠶᠡᠬᠡ ᠡᠷᠳᠡᠨᠢ

ᠴᠢᠬᠢᠨ ᠦ ᠴᠢᠮᠡᠭ ᠪᠤᠯᠤᠭᠰᠠᠨ ᠠᠶᠠᠯᠭᠤ ᠰᠠᠢᠢᠬᠠᠨ ᠮᠤᠩᠭᠤᠯ ᠬᠡᠯᠡ

 

ᠡᠩᠬᠦᠷᠡᠢᠢᠯᠡᠨ ᠪᠠᠳᠠᠷᠠᠭᠤᠯᠬᠤ ᠶᠢᠨ ᠪᠠᠲᠤ ᠵᠤᠷᠢᠭ ᠲᠡᠭᠦᠰ ᠶᠠᠭᠤᠲᠠᠢ ᠰᠠᠢᠢᠬᠠᠨ

ᠡᠭᠡᠰᠢᠭ᠌ ᠰᠠᠢᠢᠬᠠᠨ ᠮᠤᠩᠭᠤᠯ ᠬᠡᠯᠡ ᠶᠤᠭᠡᠨ ᠨᠡᠩ ᠬᠠᠢᠢᠷᠠᠯᠠᠨ ᠳᠡᠭᠡᠳᠦᠯᠡᠵᠦ

ᠬᠤᠷᠴᠠ ᠠᠪᠢᠶᠠᠰᠲᠤ ᠬᠥᠪᠡᠭᠦᠳ ᠳᠡᠭᠦᠦ ᠨᠡᠷ᠂ ᠬᠠᠯᠠᠭᠤᠨ ᠡᠯᠢᠭᠡᠲᠡᠨ ᠬᠤᠲᠠᠯ ᠶᠢᠠᠷ

ᠬᠤᠲᠤᠭ ᠥᠯᠵᠡᠢ ᠪᠦᠷᠢᠳᠦᠭᠰᠡᠨ ᠬᠤᠪᠢ ᠵᠠᠶᠭᠠᠲᠤ ᠶᠡᠬᠡ ᠲᠦᠮᠡᠨ ᠦ ᠮᠢᠨᠢ

 

ᠰᠡᠤᠡᠬᠢᠯ ᠤᠷᠮᠠᠰ ᠪᠠᠳᠠᠷᠠᠨ ᠪᠠᠬᠠᠳᠠᠮᠤ᠂ ᠦᠰᠦᠨ ᠪᠤᠭᠤᠷᠤᠯ ᠡᠲᠦᠭᠡᠰ ᠪᠢ

ᠰᠡᠯᠪᠡᠯ ᠦᠭᠡᠢ ᠰᠡᠴᠡᠨ ᠤᠶᠤᠨᠲᠠᠨ᠂ ᠬᠡᠯᠡ ᠶᠤᠭᠡᠨ ᠡᠩᠬᠦᠷᠡᠢᠢᠯᠡᠨ ᠬᠥᠭ᠌ᠵᠢᠭᠦᠯᠦᠶᠦ ᠬᠡᠮᠡᠨ

ᠲᠦᠪᠰᠢᠨ᠎ᠡ ᠰᠤᠶᠤᠯ ᠡᠷᠳᠡᠨᠢ ᠶᠤᠭᠡᠨ ᠮᠠᠨᠳᠤᠭᠤᠯᠬᠤ ᠶᠢᠨ ᠭᠡᠭᠡᠭᠡᠨ ᠤᠯᠠᠷᠢᠯ ᠨᠡᠭᠡᠭᠡᠭᠳᠡᠭᠰᠡᠨ ᠳᠦ

ᠲᠦᠭ᠋᠌ᠰᠢᠭᠦᠷᠢᠲᠤ ᠪᠡᠷᠬᠡ ᠶᠢ ᠳᠠᠪᠠᠨ ᠲᠤᠭᠤᠯᠤᠭᠰᠠᠨ ᠪᠠᠭᠠᠲᠤᠷ ᠲᠦᠮᠠᠨ ᠦ ᠮᠢᠨᠢ

 

ᠲᠦᠯᠬᠢᠬᠦ ᠪᠦᠷᠢ ᠰᠡᠲ᠌ᠬᠢᠯ ᠰᠡᠷᠭᠦᠨ ᠮᠠᠩᠨᠠᠢ ᠶᠢᠨ ᠦᠷᠴᠢᠯᠡᠭᠡ ᠲᠡᠨᠡᠢᠢᠨᠡᠮ

ᠲᠦᠮᠡᠨ ᠲᠦᠮᠡᠨ ᠦᠢ ᠡ᠋ ᠶᠢᠨ ᠤᠶᠤᠨ ᠪᠢᠯᠢᠭ᠌ ᠦᠨ ᠦᠯᠡᠮᠵᠢ ᠰᠠᠩ ᠦᠨ ᠡᠭᠦᠳᠡ ᠶᠢ ᠴᠢᠨᠢ

ᠡᠳᠦᠷ ᠪᠦᠷᠢ ᠦᠭᠡᠰ ᠦᠨ ᠡᠷᠳᠡᠨᠢ ᠶᠢ ᠴᠢᠨᠢ ᠪᠠᠶᠠᠷᠯᠠᠨ ᠲᠡᠭᠦᠨᠡᠮ

ᠥᠰᠬᠦ ᠨᠠᠰᠤᠨ ᠠᠴᠠ ᠥᠲᠡᠯᠬᠦ ᠨᠠᠰᠤ ᠬᠦᠷᠲᠡᠯ ᠡ᠋ ᠴᠢᠮ ᠠ᠌ ᠶᠤᠭᠠᠨ ᠰᠤᠳᠤᠯᠤᠨ

 

ᠬᠥᠭ᠌ᠵᠢᠮ ᠮᠡᠲᠦ ᠢᠷᠠᠭᠤ ᠪᠠᠶᠠᠰᠬᠤᠯᠠᠩᠲᠤ ᠮᠤᠩᠭᠤᠯ ᠬᠡᠯᠡ ᠮᠢᠨᠦ

ᠬᠥᠨᠳᠡᠢ ᠴᠡᠭᠡᠵᠢᠨ ᠳᠦ ᠤᠷᠤᠭᠴᠢ ᠪᠦᠭᠦᠳᠡ ᠶᠢ ᠨᠡᠪᠲᠡᠷᠡᠭᠦᠯᠬᠦ ᠴᠢᠳᠠᠯᠲᠤ

ᠮᠥᠩᠬᠡᠳᠡ ᠦᠷ ᠡ᠋ ᠠᠴᠢ ᠨᠠᠷ ᠤᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ

ᠮᠥᠷᠡᠨ ᠭᠤᠤᠯ ᠴᠢᠳᠬᠤᠯᠠᠩᠲᠤ ᠰᠢᠷᠭᠡᠰᠢ ᠦᠭᠡᠢ ᠶᠡᠬᠡ ᠳᠠᠯᠠᠢ ᠮᠡᠲᠦ

 

ᠥᠷᠨᠢᠨ ᠮᠠᠨᠳᠤᠬᠤ ᠶᠢᠨ ᠰᠢᠨᠵᠢ ᠪᠦᠷᠢᠳᠦᠭᠰᠡᠨ ᠡᠪᠦᠭᠡᠳ ᠦᠨ ᠮᠢᠨᠢ ᠬᠡᠯᠡ

ᠥᠭᠡᠳᠡᠯᠡᠨ ᠳᠡᠭᠵᠢᠬᠦ ᠶᠢᠨ ᠲᠡᠭᠦᠰ ᠬᠤᠪᠢᠲᠠᠢ ᠳᠦ ᠢᠨᠦ ᠢᠲᠡᠭᠡᠭᠦᠯᠦᠭᠰᠡᠨ

ᠤᠢᠢᠳᠬᠠᠷᠯᠠᠨ ᠪᠤᠳᠤᠬᠤ ᠳᠤ ᠮᠢᠨᠢ ᠤᠷᠮ ᠠ᠌ ᠵᠤᠷᠢᠭ ᠢ ᠮᠢᠨᠦ ᠰᠡᠷᠭᠦᠭᠡᠭᠰᠡᠨ

ᠤᠷᠢᠳᠤ ᠶᠢᠨ ᠪᠡᠷᠬᠡ ᠴᠠᠭ ᠲᠤ ᠤᠯᠤᠰ ᠮᠤᠩᠭᠤᠯ ᠤᠨ ᠬᠡᠲᠦ ᠵᠠᠶᠠᠭ᠎ᠠ ᠶᠢ

 

ᠰᠤᠳᠤ ᠶᠡᠬᠡ ᠪᠢᠯᠢᠭ᠋᠌ᠲᠤ ᠲᠦᠮᠡᠨ ᠶᠤᠭᠡᠨ ᠪᠢᠰᠢᠷᠡᠨ ᠮᠠᠭᠲᠠᠮᠤ ᠪᠢ

ᠰᠤᠨᠤᠰᠬᠤ ᠪᠦᠷᠢ ᠢᠷᠠᠭᠤ ᠪᠠᠶᠠᠯᠢᠭ ᠢ ᠭᠠᠢᠢᠬᠠᠨ ᠪᠠᠶᠠᠰᠴᠤ

ᠴᠢᠩ ᠵᠤᠷᠢᠭᠲᠤ ᠡᠪᠦᠭᠡᠳ ᠳᠡᠭᠡᠳᠦᠰ ᠦᠨ ᠮᠢᠨᠢ ᠥᠪ ᠶᠡᠬᠡ ᠡᠷᠳᠡᠨᠢ

ᠴᠢᠬᠢᠨ ᠦ ᠴᠢᠮᠡᠭ ᠪᠤᠯᠤᠭᠰᠠᠨ ᠠᠶᠠᠯᠭᠤ ᠰᠠᠢᠢᠬᠠᠨ ᠮᠤᠩᠭᠤᠯ ᠬᠡᠯᠡ

              ᠪᠢ‍᠂ ᠷᠢᠨᠴᠡᠨ 《ᠮᠤᠩᠭᠤᠯ ᠬᠡᠯᠡ》

Хайлт

Яг одоо
Хаанаас, хэд
Flag Counter
Цаг тооны бичиг
       

Холбоо барих: amanbai631102@gmail.com